ᠨᠡᠪᠲᠡᠷᠡᠨ ᠤᠷᠤᠬᠤ
ᠰᠤᠷᠤᠭᠰᠠᠨ ᠵᠠᠩ

    ᠰᠤᠷᠤᠭᠰᠠᠨ ᠵᠠᠩ ᠭᠡᠵᠤ ᠭᠦᠮᠤᠨ ᠭᠦᠮᠤᠨ ᠤ ᠠᠩᠬ᠎ᠠ ᠣᠷᠢᠳᠠ ᠡᠴᠡ ᠵᠠᠩᠰᠢᠵᠤ ᠭᠡᠪᠰᠢᠭ᠍ᠰᠡᠨ ᠵᠠᠩ ᠰᠤᠷᠳᠠᠯ᠂ ᠳᠠᠳᠬᠠᠯ ᠰᠠᠳᠭᠢᠴᠠ ᠶᠢ ᠭᠡᠯᠡᠳᠡᠭ᠌᠃ ᠭᠦᠮᠤᠨ ᠭᠦᠮᠤᠨ ᠤ ᠰᠤᠷᠤᠭᠰᠠᠨ ᠊᠊᠊᠊᠊᠊᠊᠊᠊᠊᠊᠊᠊᠊᠊ ᠭᠡᠪᠰᠢᠭ᠍ᠰᠡᠨ ᠵᠠᠩ ᠰᠤᠷᠳᠠᠯ᠂ ᠳᠠᠳᠬᠠᠯ ᠰᠠᠳᠭᠢᠴᠠ ᠠᠳᠠᠯᠢ ᠦᠭᠡᠶ ᠪᠠᠢ᠌ᠳᠠᠭ᠃ ᠵᠠᠷᠢᠮ ᠭᠦᠮᠤᠨ ᠰᠤᠯᠠ ᠰᠡᠯᠡᠭᠦᠤ ᠰᠠᠭᠤᠵᠤ ᠣᠴᠢᠷ ᠶᠠᠪᠣᠳᠠᠯ ᠢ ᠪᠣᠳᠤᠯᠭᠢᠯᠠᠵᠤ ᠳᠤᠩᠭ᠋ᠠᠭᠠᠬᠤ ᠳᠤᠷᠠᠳᠠᠢ᠂ ᠵᠠᠷᠢᠮ ᠭᠦᠮᠤᠨ ᠠᠢ᠌ᠯ ᠳᠤᠭᠤᠷᠢᠵᠤ ᠵᠤᠭᠤᠭᠳᠠᠵᠤ ᠨᠠᠷᠭᠢᠬᠤ ᠳᠤᠷᠠᠳᠠᠢ᠂ ᠵᠠᠷᠢᠮ ᠭᠦᠮᠤᠨ ᠠᠠᠳᠠ ᠨᠠᠢ᠌ᠵᠠ ᠨᠡᠷ ᠶᠢᠡᠨ ᠴᠤᠭᠯᠠᠭᠤᠯᠵᠤ ᠠᠷᠢᠭᠢᠳᠠᠵᠤ ᠨᠠᠢ᠌ᠷᠯᠠᠬᠤ ᠳᠤᠷᠠᠳᠠᠢ᠂ ᠵᠠᠷᠢᠮ ᠭᠦᠮᠤᠨ ᠠᠶᠠᠯᠠᠵᠤ ᠵᠤᠭᠠᠴᠠᠵᠤ ᠠᠷᠪᠢᠨ ᠶᠠᠭᠤᠮ᠎ᠠ ᠦᠵᠡᠵᠤ ᠬᠠᠷᠠᠬᠤ ᠳᠤᠷᠠᠳᠠᠢ᠂ ᠵᠠᠷᠢᠮ ᠭᠦᠮᠤᠨ ᠵᠢᠭᠠᠰᠤ ᠭᠦᠭᠢᠳᠡᠭᠦ ᠳᠤᠷᠠᠳᠠᠢ᠂ ᠵᠠᠷᠢᠮ ᠭᠦᠮᠤᠨ ᠭᠦᠵᠦᠷ ᠰᠢᠳᠠᠷ᠎ᠠ ᠨᠠᠭᠠᠳᠬᠤ ᠳᠤᠷᠠᠳᠠᠢ᠂ ᠵᠠᠷᠢᠮ ᠭᠦᠮᠤᠨ ᠨᠤᠭᠤᠭ᠎ᠠ ᠵᠠᠭᠤᠰᠢ ᠬᠤᠭᠤᠯᠠ ᠪᠣᠳᠠᠭ᠎ᠠ ᠭᠢᠭᠦ ᠳᠤᠷᠠᠳᠠᠢ᠂ ᠵᠠᠷᠢᠮ ᠭᠦᠮᠤᠨ 《ᠭᠢᠮᠤᠰᠤ》 ᠭᠦᠳᠡᠯᠭᠡᠵᠤ 《ᠬᠤᠯᠠᠭᠠᠢ》 ᠵᠢᠯᠢᠭᠡᠢ ᠭᠢᠭᠦ ᠳᠤᠷᠠᠳᠠᠢ᠂ ᠵᠠᠷᠢᠮ ᠭᠦᠮᠤᠨ ᠬᠤᠳᠠᠯ ᠭᠡᠯᠡᠵᠤ ᠬᠤᠯᠤ ᠳᠡᠯᠡᠰᠭᠦ ᠳᠤᠷᠠᠳᠠᠢ᠃ ᠶᠠᠭᠤ ᠴᠤ ᠭᠢᠭᠦ ᠦᠭᠡᠶ ᠪᠠᠷ ᠰᠠᠭᠤᠬᠤ ᠭᠦᠮᠤᠨ ᠭᠡᠵᠤ ᠳᠤᠩ ᠬᠤᠪᠣᠷ᠃ ᠰᠤᠷᠤᠭᠰᠠᠨ ᠳᠠᠳᠤᠭᠰᠠᠨ ᠵᠠᠩ ᠶᠢᠡᠷ ᠶᠢᠡᠨ ᠨᠢᠭᠡ ᠶᠠᠭᠤᠮ᠎ᠠ ᠭᠢᠵᠤ ᠯᠠ ᠰᠠᠭᠤᠳᠠᠭ᠃

    ᠪᠢ ᠬᠠᠷ᠎ᠠ ᠪᠠᠭ᠎ᠠ ᠡᠴᠡ ᠪᠠᠨ ᠨᠤᠮ ᠪᠢᠴᠢᠭ᠌ ᠰᠤᠨᠢᠨ ᠰᠡᠳᠭᠦᠯ ᠣᠩᠰᠢᠬᠤ ᠳᠤᠷᠠᠳᠠᠢ᠂ ᠰᠢᠯᠦᠭ᠌ ᠵᠤᠬᠢᠶᠠᠯ ᠪᠢᠴᠢᠭᠦ ᠪᠠᠬᠠᠳᠠᠢ᠃ ᠪᠠᠷᠤᠭ ᠡᠳᠦᠷ ᠡᠳᠦᠷ ᠨᠤᠮ ᠰᠤᠨᠢᠨ ᠣᠩᠰᠢᠵᠤ᠂ ᠦᠨᠵᠢᠵᠤ ᠬᠤᠨᠤᠭᠠᠤᠨ ᠨᠢᠭᠡ ᠪᠠᠳᠠᠭ ᠰᠢᠯᠦᠭ᠌ ᠵᠤᠬᠢᠶᠠᠯ ᠪᠢᠴᠢᠳᠡᠭ᠌᠃ ᠡᠨᠡ ᠵᠠᠩ ᠶᠢᠡᠨ ᠪᠢ ᠣᠳᠤ ᠪᠣᠯᠳᠠᠯ᠎ᠠ ᠪᠠᠷᠢᠮᠳᠠᠯᠠᠭᠰᠠᠭᠠᠷ᠃ ᠡᠳᠦᠷ ᠡᠳᠦᠷ ᠨᠤᠮ ᠪᠢᠴᠢᠭ᠌ ᠰᠤᠨᠢᠨ ᠰᠡᠳᠭᠦᠯ ᠣᠩᠰᠢᠬᠤ ᠦᠭᠡᠶ᠂ ᠦᠨᠵᠢᠵᠤ ᠬᠤᠨᠤᠭᠠᠤᠨ ᠨᠢᠭᠡ ᠬᠤᠶᠠᠷ ᠪᠠᠳᠠᠭ (ᠵᠤᠷᠪᠣᠰ) ᠰᠢᠯᠦᠭ᠌ ᠵᠤᠬᠢᠶᠠᠯ ᠪᠢᠴᠢᠭᠦ ᠦᠭᠡᠶ ᠪᠣᠯ ᠡᠳᠦᠷᠵᠢᠨ ᠭᠢᠳᠠᠯ ᠠᠯᠳᠠᠵᠤ᠂ ᠶᠠᠮᠠᠷ ᠨᠢᠭᠡᠨ ᠶᠠᠭᠤᠮ᠎ᠠ ᠪᠠᠨ ᠭᠡᠭᠡᠵᠤ ᠣᠷᠭᠢᠴᠢᠬᠠᠭᠰᠠᠨ ᠶᠤᠮ ᠰᠢᠭ ᠳᠤᠳᠤᠷ᠎ᠠ ᠬᠤᠭᠤᠰᠤᠷᠠᠭᠠᠤᠨ ᠬᠠᠩᠭ᠋ᠠᠢ᠌ᠷᠠᠭᠠᠤᠨ ᠪᠠᠢ᠌ᠬᠤ ᠶᠤᠮ᠃ ᠨᠤᠮ ᠪᠢᠴᠢᠭ᠌ ᠰᠤᠨᠢᠨ ᠰᠡᠳᠭᠦᠯ ᠡᠷᠢᠨ ᠣᠩᠰᠢᠵᠤ ᠭᠡᠳᠤᠨ ᠪᠠᠳᠠᠭ (ᠵᠤᠷᠪᠣᠰ) ᠰᠢᠯᠦᠭ᠌ ᠵᠤᠬᠢᠶᠠᠯ ᠰᠢᠤ ᠶᠠᠭᠤᠮ᠎ᠠ ᠪᠢᠴᠢᠴᠭᠡᠪᠠᠯ᠂ ᠳᠤᠳᠤᠷ᠎ᠠ ᠠᠭᠤᠵᠢᠷᠠᠭᠠᠤᠨ ᠳᠠᠯᠪᠢᠭᠤᠷᠠᠭᠠᠤᠨ ᠶᠠᠪᠣᠴᠢᠬᠠᠬᠤ ᠶᠤᠮ᠃

    ᠦᠨᠦ ᠪᠢ ᠳᠦᠴᠢ ᠬᠤᠯᠠ ᠳᠠᠪᠠᠵᠤ ᠳᠠᠪᠢ ᠳᠤᠯᠪᠠ᠃ ᠡᠳᠦᠷ ᠡᠳᠦᠷ ᠨᠤᠮ ᠰᠤᠨᠢᠨ ᠣᠩᠰᠢᠭᠠᠤᠨ ᠡᠳᠦᠷ ᠡᠳᠦᠷ ᠡᠨᠡ ᠳᠠᠷᠠ ᠶᠢ ᠪᠢᠴᠢᠵᠤ ᠡᠷᠢᠶᠡᠴᠢᠭᠡᠳ ᠶᠠᠭᠤ ᠪᠠᠨ ᠭᠢᠭᠦ ᠶᠤᠮ ᠳ᠋ᠠ᠂ ᠪᠠᠢ᠌ᠴᠢᠬᠠᠶ᠎ᠠ᠂ ᠠᠮᠠᠷᠠᠴᠢᠬᠠᠶ᠎ᠠ᠂ ᠥᠭᠡᠷ᠎ᠡ ᠶᠠᠭᠤᠮ᠎ᠠ ᠭᠢᠴᠢᠭᠡᠶ᠎ᠡ ᠭᠡᠵᠤ ᠵᠠᠷᠢᠮ ᠳᠠᠭᠠᠨ ᠪᠣᠳᠤᠨ᠎ᠠ᠃ ᠭᠡᠪᠠᠴᠤ ᠥᠭᠡᠷ᠎ᠡ ᠭᠢᠭᠦ ᠶᠠᠭᠤᠮ᠎ᠠ ᠭᠡᠵᠢ ᠳᠠᠮᠠᠢ ᠣᠯᠳᠠᠬᠤ ᠦᠭᠡᠶ᠃ ᠡᠳᠦᠷᠵᠢᠨ ᠨᠤᠮ ᠪᠢᠴᠢᠭ᠌᠂ ᠰᠤᠨᠢᠨ ᠰᠡᠳᠭᠦᠯ᠂ ᠰᠢᠯᠦᠭ᠌ ᠵᠤᠬᠢᠶᠠᠯ ᠳᠠᠷᠢᠭᠢ ᠰᠠᠳᠭᠢᠴᠠ ᠳᠤ ᠮᠢᠨᠢ ᠡᠷᠭᠢᠴᠡᠭᠡᠳ ᠯᠠ᠂ ᠢᠯᠡᠷᠡᠭᠡᠳ ᠯᠠ ᠪᠠᠢ᠌ᠬᠤ ᠶᠤᠮ᠃ ᠢᠩᠭᠢᠭᠦᠯᠡᠷ ᠠᠷᠭ᠎ᠠ ᠪᠣᠰᠤ ᠳᠠᠭᠢᠨ ᠨᠤᠮ ᠰᠤᠨᠢᠨ ᠣᠩᠰᠢᠵᠤ᠂ ᠰᠢᠯᠦᠭ᠌ ᠵᠤᠬᠢᠶᠠᠯ ᠡᠷᠢᠶᠡᠴᠡᠵᠤ ᠰᠠᠭᠤᠨ᠎ᠠ᠃ ᠬᠠᠶᠠ ᠳᠠᠭᠠᠨ ᠪᠠᠰᠠ ᠪᠢᠴᠢᠭ᠍ᠰᠡᠨ ᠶᠠᠭᠤᠮᠠᠰ ᠶᠢᠡᠨ ᠰᠤᠨᠢᠨ ᠰᠡᠳᠭᠦᠯ ᠳᠤ ᠢᠯᠡᠭᠡᠵᠤ ᠨᠡᠢ᠌ᠳᠡᠯᠡᠭᠦᠯᠵᠤ᠂ ᠰᠦᠯᠵᠢᠶ᠎ᠠ ᠵᠠᠭᠤᠴᠢᠯᠠᠭᠤᠷ ᠲᠤ ᠭᠠᠷᠭᠠᠵᠤ ᠰᠠᠭᠤᠨ᠎ᠠ᠃ ᠁

    《ᠰᠤᠷᠤᠭᠰᠠᠨ ᠵᠠᠩ ᠢ ᠰᠤᠷ ᠶᠢᠡᠷ ᠪᠣᠭᠤᠵᠤ ᠪᠣᠯᠬᠤ ᠥᠭᠡᠢ》 ᠭᠡᠭ᠍ᠴᠢ ᠶᠤᠰᠤ ᠴᠤᠬᠤᠮ ᠡᠨᠡ ᠪᠠᠢ᠌ᠬ᠎ᠠ︕


      2010.10.14. ᠬᠦᠬᠡᠬᠤᠲᠠᠨ᠎ᠡ ᠪᠢᠴᠢᠵᠤ᠂ 2011. 03.14 ᠳ᠋ᠤ ᠪᠠᠭ᠎ᠠ ᠵᠠᠰᠠᠯᠳᠠ ᠣᠷᠤᠭᠤᠯᠪᠠ᠃


ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6164
ᠴᠠᠭ᠄ 2011 ᠤᠨ ᠤ 03 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ