ᠨᠡᠪᠲᠡᠷᠡᠨ ᠤᠷᠤᠬᠤ
ᠰᠠᠨᠠᠨ᠎ᠠ ᠳ᠋ᠠ

ᠭᠦᠭᠡ ᠢᠰᠢᠭᠡ ᠳᠤᠭᠯᠠᠳᠠᠭ

ᠭᠦᠭᠡᠮᠳᠦᠭ᠌ ᠠᠭᠤᠯᠠ ᠶᠢᠨ ᠡᠩᠭᠡᠷ ᠳᠤ

ᠭᠦᠷᠴᠤ ᠴᠢᠳᠠᠬᠤ ᠦᠭᠡᠶ ᠴᠤ ᠪᠠᠷᠠᠭᠠᠯᠠᠨ ᠪᠠᠢ᠌ᠵᠤ

ᠭᠦᠰᠡᠵᠤ ᠴᠢᠮ᠎ᠠ ᠶᠢ ᠪᠠᠨ ᠰᠠᠨᠠᠨ᠎ᠠ ᠳ᠋ᠠ

ᠭᠦᠷᠦᠭᠡᠳ ᠢᠷᠡᠭᠦ ᠪᠣᠯᠤᠭᠠᠰᠠᠢ ᠭᠡᠳ

ᠭᠦᠭᠡᠷᠦᠭᠦᠢ ᠪᠣᠷᠤ ᠵᠢᠷᠦᠭᠡ ᠮᠢᠨᠢ

ᠬᠦᠬᠡ‍ᠨᠠᠭᠤᠷ ᠥᠭᠡᠳᠡ ᠳᠠᠮᠠᠤᠯᠤᠨ᠎ᠡ᠃


ᠭᠦᠩᠭᠢᠨᠡᠭ᠍ᠰᠡᠨ ᠰᠠᠢ᠌ᠬᠠᠨ ᠳᠠᠭᠤᠤ ᠴᠢᠨᠢ

ᠬᠤᠶᠠᠷ ᠴᠢᠭᠢᠨ ᠳᠤ ᠮᠢᠨᠢ ᠬᠤᠨᠤᠭᠰᠢᠵᠠᠢ

ᠭᠦᠷᠦᠰᠦᠳᠤ ᠠᠯᠳᠠᠨ ᠳᠡᠯᠡᠭᠡᠢ

ᠬᠤᠶᠠᠭᠤᠯᠠ ᠪᠠᠷ ᠢᠩᠭᠢᠵᠤ ᠨᠠᠭᠠᠳᠴᠠᠢ

ᠬᠠᠮᠳᠤ ᠦᠭᠡᠶ ᠵᠠᠶᠠᠭᠠᠨ ᠳ᠋ᠠᠭᠠᠨ

ᠬᠠᠷᠠᠳᠠᠵᠤ ᠴᠢᠮ᠎ᠠ ᠪᠠᠨ ᠰᠠᠨᠠᠨ᠎ᠠ ᠳ᠋ᠠ

ᠬᠠᠷᠠᠬᠤ ᠪᠠᠷ ᠢᠷᠡᠭᠦ ᠪᠣᠯᠤᠭᠠᠰᠠᠢ ᠭᠡᠳ

ᠬᠠᠢ᠌ᠷᠠᠨ ᠳᠤ ᠣᠨᠠᠭᠰᠠᠨ ᠰᠡᠳᠭᠢᠯ ᠮᠢᠨᠢ

ᠬᠠᠳᠤᠨ ᠤ ᠡᠭᠢ ᠶᠢ ᠵᠤᠷᠢᠨ᠎ᠠ᠃


ᠦᠨᠡᠨ ᠰᠡᠳᠭᠢᠯ ᠤᠨ ᠥᠭᠡ ᠪᠠᠨ

ᠦᠴᠢᠭ᠌ ᠦᠯᠡᠳᠡᠭᠡᠯ ᠦᠭᠡᠶ ᠶᠠᠷᠢᠯ᠎ᠠ

ᠣᠳᠠᠰᠤᠨ ᠤ ᠴᠠᠭᠠᠨᠠᠭᠢ ᠳᠠᠭᠤ ᠶᠢ ᠳᠠᠨ

ᠣᠶᠠᠷᠠᠵᠤ ᠬᠠᠢ᠌ᠯᠵᠤ ᠴᠢᠩᠨᠠᠯ᠎ᠠ

ᠣᠬᠠᠭᠠᠨ ᠰᠠᠨᠠᠭ᠎ᠠ ᠬᠤᠶᠠᠷ ᠮᠢᠨᠢ

ᠡᠭᠦᠷᠢᠳᠡ ᠴᠢᠮ᠎ᠠ ᠪᠠᠨ ᠰᠠᠨᠠᠨ᠎ᠠ ᠳ᠋ᠠ

ᠥᠵᠡᠭᠦ ᠪᠠᠷ ᠢᠷᠡᠭᠦ ᠪᠣᠯᠤᠭᠠᠰᠠᠢ ᠭᠡᠳ

ᠦᠨᠦᠴᠢᠨ ᠭᠠᠭᠴᠠ ᠡᠯᠢᠭᠡ ᠮᠢᠨᠢ

ᠥᠡᠳᠦᠷᠯᠢᠭ᠌ ᠢ ᠴᠢᠭᠯᠡᠨ ᠦᠨᠳᠠᠯᠵᠠᠨ᠎ᠡ᠃


ᠰᠠᠨᠠᠨ᠎ᠠ ᠭᠡᠳ ᠶᠠᠭᠠᠭᠢᠨ᠎ᠠ ᠳ᠋ᠠ

ᠰᠠᠯᠠᠭ᠎ᠠ ᠵᠠᠮ ᠤᠨ ᠵᠢᠮ᠎ᠠ ᠪᠠᠷ

ᠰᠠᠠᠴᠢᠭ ᠤᠨ ᠦᠰᠦ ᠪᠠᠨ ᠴᠠᠢ᠌ᠳᠠᠯ᠎ᠠ

ᠰᠠᠨᠠᠶ᠎ᠠ ᠯᠠ ᠭᠡᠳ ᠰᠠᠯᠤᠭᠰᠠᠨ ᠶᠤᠮ᠃


ᠵᠤᠬᠢᠶᠠᠭᠴᠢ ᠶᠢᠨ ᠬᠠᠶ‍ᠢᠭ᠄ ᠣᠷᠳᠤᠰ ᠬᠤᠳᠠ ᠶᠢᠨ ᠣᠳᠤᠭ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ

ᠵᠤᠬᠢᠶᠠᠭᠴᠢ᠄ ᠬᠠᠩᠭᠢᠴᠤᠳ ᠴᠤᠯᠮᠤᠨ‍ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2628
ᠴᠠᠭ᠄ 2010 ᠤᠨ ᠤ 07 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ