ᠨᠡᠪᠲᠡᠷᠡᠨ ᠤᠷᠤᠬᠤ
《ᠮᠤᠩᠭ᠋ᠤᠯ》 ᠭᠡᠮᠡᠭᠦ ᠰᠢᠯᠦᠭᠯᠡᠯ

ᠭᠦᠮᠤᠨ ᠪᠣᠯᠭᠠᠨ 《ᠮᠤᠩᠭ᠋ᠤᠯ》 《ᠮᠤᠩᠭ᠋ᠤᠯ》 ᠭᠡᠳ ᠰᠢᠯᠦᠭ᠌ ᠪᠢᠴᠢᠭᠡᠳ ᠯᠠ ᠪᠠᠢ᠌ᠬᠤᠯᠠᠷ ᠪᠢ ᠪᠠᠰᠠ ᠨᠢᠭᠡ 《ᠮᠤᠩᠭ᠋ᠤᠯ》 ᠭᠡᠮᠡᠭᠦ ᠰᠢᠯᠦᠭ᠌ ᠪᠢᠴᠢᠶ᠎ᠠ ᠭᠡᠭᠦ ᠳᠦᠷᠦᠭ᠍ᠳᠡᠯ ᠣᠷᠤᠯ᠎ᠠ᠃ ᠢᠩᠭᠢᠭᠡᠳ ᠡᠨᠡᠭᠦ ᠣᠬᠤᠷ ᠰᠢᠯᠦᠭᠯᠡᠯ ᠤᠳ ᠢ ᠪᠢᠴᠢᠯ᠎ᠠ᠃ ᠮᠠᠭᠳᠠᠭᠠᠯ ᠪᠢᠰᠢ᠂ ᠰᠢᠭᠦᠮᠵᠢᠯᠡᠯ ᠤᠨ ᠭᠡᠯᠪᠠᠷᠢ ᠲᠡᠶ ᠰᠢᠯᠦᠭᠯᠡᠯ ᠤᠳ ᠶᠤᠮ᠃ ᠰᠢᠭᠦᠮᠵᠢᠯᠡᠨ ᠣᠩᠰᠢᠮᠤ︕


《ᠶᠡᠭᠡ》 ᠮᠤᠩᠭ᠋ᠤᠯ


ᠴᠢᠨᠤ᠂ ᠮᠢᠨᠤ ᠭᠠᠷᠤᠯ ᠶᠢᠡᠨ ᠳᠤᠳᠤ ᠮᠡᠳᠡᠭᠦ ᠦᠭᠡᠶ ᠪᠠᠷ

《ᠴᠢᠩᠭᠢᠰ》 《ᠴᠢᠩᠭᠢᠰ》 ᠭᠡᠵᠤ ᠰᠤᠯᠢᠶᠠᠷᠠᠳᠠᠭ ᠮᠤᠩᠭ᠋ᠤᠯ

ᠴᠢᠭ᠌ ᠴᠢᠭ᠌ ᠤᠨ ᠠᠵᠢᠯ ᠳᠠᠭᠠᠨ ᠵᠥᠭ᠌ ᠲᠡᠶ ᠭᠠᠷᠬᠤ ᠦᠭᠡᠶ ᠪᠠᠷ

《ᠴᠠᠭᠠᠳᠠᠢ ᠬᠠᠭᠠᠠᠳᠤ ᠣᠯᠤᠰ》 ᠊ᠢ ᠪᠠᠢ᠌ᠭᠤᠯᠤᠨ᠎ᠠ᠂ 《ᠰᠡᠷᠭᠦᠭᠡᠨ᠎ᠡ》 ᠭᠡᠵᠤ ᠣᠪᠣᠷᠬᠠᠳᠠᠭ ᠮᠤᠩᠭ᠋ᠤᠯ


ᠴᠠᠮᠴᠠ᠂ ᠭᠦᠷᠮ᠎ᠡ ᠶᠢᠨ ᠶᠢᠡᠨ ᠬᠤᠷᠮᠤᠢ ᠶᠢ 《ᠰᠢᠭᠤᠬᠤ》 ᠳᠡᠩᠭᠡᠭᠡ ᠦᠭᠡᠶ ᠪᠠᠷ

《ᠴᠠᠭᠠᠨ ᠭᠡᠷᠡᠮ》 ᠢ ᠨᠤᠷᠠᠭᠠᠨ᠎ᠠ᠂ 《ᠪᠠᠯᠠᠯᠠᠨ᠎ᠠ》 ᠭᠡᠵᠤ ᠶᠡᠭᠡᠷᠭᠡᠳᠡᠭ᠌ ᠮᠤᠩᠭ᠋ᠤᠯ

ᠴᠠᠭᠠᠳᠠᠭᠢ᠂ ᠨᠠᠭᠠᠳᠠᠭᠢ ᠶᠠᠪᠣᠳᠠᠯ ᠢ ᠪᠦᠷᠢᠨ ᠵᠦᠪ ᠳᠤᠩᠭ᠋ᠠᠭᠠᠯ ᠦᠭᠡᠶ ᠪᠠᠷ

《ᠴᠠᠭᠠᠴᠢᠨ》᠂ 《ᠭᠦᠷᠦᠭᠡᠴᠢᠨ》 ᠊ᠢ ᠢᠳᠡᠭᠡᠳᠡᠭ᠌᠂ 《ᠰᠢᠳᠦᠳᠡᠭ᠌》 ᠮᠤᠩᠭ᠋ᠤᠯ


ᠣᠨ ᠣᠨ ᠠᠯᠳᠠᠷᠠᠵᠤ ᠪᠠᠢ᠌ᠭ᠎ᠠ ᠳᠠᠭᠠᠨ ᠣᠬᠠᠭᠠᠷᠠᠯ ᠦᠭᠡᠶ ᠪᠠᠷ

《ᠣᠯᠵᠤ ᠪᠠᠢ᠌ᠨ᠎ᠠ》᠂ 《ᠳᠠᠪᠰᠢᠵᠤ ᠪᠠᠢ᠌ᠨ᠎ᠠ》 ᠭᠡᠵᠤ ᠣᠭᠰᠠᠢ᠌ᠳᠠᠭ ᠮᠤᠩᠭ᠋ᠤᠯ

ᠣᠯᠠᠨ ᠵᠠᠭᠤᠨ ᠳᠤ ᠳᠠᠷᠤᠭᠳᠠᠭᠰᠠᠨ ᠳᠤᠭᠤᠰᠤ ᠪᠠᠨ ᠵᠥᠯᠭᠦᠯ ᠦᠭᠡᠶ ᠪᠠᠷ

ᠣᠷᠴᠢᠯᠠᠩ ᠬᠤᠷᠸ᠎ᠠ ᠳᠤ 《ᠭᠢᠯᠠᠷᠠᠵᠤ ᠪᠠᠢ᠌ᠨ᠎ᠠ》᠂ 《ᠭᠠᠢ᠌ᠬᠠᠵᠤ ᠪᠠᠢ᠌ᠨ᠎ᠠ》 ᠭᠡᠵᠤ ᠣᠩᠭ᠋ᠤᠯᠵᠠᠳᠠᠭ ᠮᠤᠩᠭ᠋ᠤᠯ᠃


《᠁ ᠊ᠬᠠᠢ᠂ ᠊ᠭᠡᠢ ᠁ ᠊ᠬᠤ᠂ ᠊ᠭᠦ》 ᠮᠤᠩᠭ᠋ᠤᠯ


ᠣᠩᠭ᠋ᠤᠷᠬᠠᠢ ᠮᠤᠩᠭ᠋ᠤᠯ᠂ ᠴᠤᠭᠤᠷᠬᠠᠢ ᠮᠤᠩᠭ᠋ᠤᠯ

ᠣᠩᠭᠢᠷᠠᠭ᠎ᠠ ᠮᠤᠩᠭ᠋ᠤᠯ᠂ ᠵᠠᠩᠭᠢᠷᠠᠭ᠎ᠠ ᠮᠤᠩᠭ᠋ᠤᠯ

ᠣᠳᠤ ᠨᠢᠭᠡ ᠣᠬᠠᠭᠠᠷᠠᠪᠠᠯ ᠳᠠᠭᠠᠷᠠᠬᠤ ᠮᠤᠩᠭ᠋ᠤᠯ

《ᠣᠯᠤᠩ》᠂ 《ᠵᠢᠷᠢᠮ》 ᠶᠢᠡᠨ ᠴᠢᠩᠭ᠋ᠠᠯᠠᠪᠠᠯ ᠵᠤᠭᠢᠬᠤ ᠮᠤᠩᠭ᠋ᠤᠯ


ᠭᠡᠯᠡᠵᠤ᠂ ᠭᠢᠭᠦ ᠪᠠᠨ ᠨᠢᠭᠡᠳᠭᠡᠪᠠᠯ ᠪᠣᠯᠬᠤ ᠮᠤᠩᠭ᠋ᠤᠯ

《ᠭᠡᠢ》 《ᠰᠤᠯᠢᠶᠠᠷᠠᠯ》 ᠶᠢᠡᠨ ᠳᠠᠷᠤᠪᠠᠯ ᠪᠦᠳᠦᠭᠦ ᠮᠤᠩᠭ᠋ᠤᠯ

ᠭᠡᠭᠡᠷ᠎ᠡ ᠳᠠᠯ᠎ᠠ ᠪᠠᠨ ᠬᠠᠮᠠᠭᠠᠯᠠᠪᠠᠯ ᠪᠣᠰᠬᠤ ᠮᠤᠩᠭ᠋ᠤᠯ

ᠭᠡᠮ ᠲᠡᠶ ᠠᠷᠢᠭᠢ ᠪᠠᠨ ᠬᠠᠰᠤᠪᠠᠯ ᠮᠠᠠᠳᠤᠬᠤ ᠮᠤᠩᠭ᠋ᠤᠯ᠃


《᠁ ᠯᠠ》 ᠮᠤᠩᠭ᠋ᠤᠯ


ᠣᠤᠭᠤᠵᠤ ᠢᠳᠡᠭᠦ ᠭᠦᠢᠴᠡᠳ ᠪᠣᠯ ᠣᠠᠳᠠᠬᠤ ᠯᠠ ᠮᠤᠩᠭ᠋ᠤᠯ

ᠣᠭᠤᠷᠠᠭ᠂ ᠳᠠᠷᠢᠶ᠎ᠠ ᠡᠯᠪᠠᠭ᠌ ᠪᠣᠯ ᠮᠢᠬᠠᠯᠠᠬᠤ ᠯᠠ ᠮᠤᠩᠭ᠋ᠤᠯ

ᠣᠬᠠᠭᠠᠨ᠂ ᠪᠣᠳᠤᠯ ᠰᠡᠯᠳᠡᠷᠡᠭᠦᠯᠪᠠᠯ ᠣᠨᠠᠬᠤ ᠯᠠ ᠮᠤᠩᠭ᠋ᠤᠯ

《ᠣᠶᠠᠭ᠎ᠠ》᠂ 《ᠰᠣᠢ᠌ᠯᠠᠭ᠎ᠠ》 ᠰᠤᠯᠠᠷᠠᠪᠠᠯ ᠣᠬᠤᠷᠢᠬᠤ ᠯᠠ ᠮᠤᠩᠭ᠋ᠤᠯ


《᠁ ᠊ᠮᠠᠳᠠᠬᠠᠢ᠂ ᠊ᠮᠡᠳᠡᠭᠡᠢ》 ᠮᠤᠩᠭ᠋ᠤᠯ


ᠭᠢᠮᠡᠳᠡᠭᠡᠢ ᠮᠤᠩᠭ᠋ᠤᠯ᠂ ᠠᠶᠤᠮᠠᠳᠠᠬᠠᠢ ᠮᠤᠩᠭ᠋ᠤᠯ

ᠭᠢᠭ᠍ᠰᠡᠭᠡᠷ᠂ ᠠᠶᠤᠭᠰᠠᠭᠠᠷ 《ᠭᠡᠯᠢᠰᠳᠡᠴᠢᠭᠡᠳᠡᠭ᠌》 ᠮᠤᠩᠭ᠋ᠤᠯ

ᠭᠢᠯᠭᠡᠭᠦᠯᠦᠭ᠍ᠰᠡᠭᠡᠷ᠂ ᠠᠶᠤᠯᠭᠠᠭᠤᠯᠤᠭᠰᠠᠭᠠᠷ 《ᠭᠡᠪᠰᠢᠴᠢᠭᠡᠭ᠍ᠰᠡᠨ》 ᠮᠤᠩᠭ᠋ᠤᠯ

ᠭᠡᠢ᠌ᠮᠦᠷᠢ᠂ ᠵᠤᠯᠪᠣᠭ᠎ᠠ ᠪᠠᠨ 《ᠳᠠᠷᠤᠭᠤᠯᠴᠢᠬᠠᠭᠰᠠᠨ》 ᠮᠤᠩᠭ᠋ᠤᠯ


ᠦᠭ‍ᠭᠦᠮᠡᠳᠡᠭᠡᠢ ᠮᠤᠩᠭ᠋ᠤᠯ᠂ ᠴᠠᠮᠠᠯᠠᠮᠠᠳᠠᠬᠠᠢ ᠮᠤᠩᠭ᠋ᠤᠯ

ᠦᠭ‍ᠭᠦᠭ᠍ᠰᠡᠭᠡᠷ᠂ ᠴᠠᠮᠠᠯᠠᠭᠰᠠᠭᠠᠷ ᠴᠠᠯᠠᠭᠠᠢ᠌ᠷᠠᠭᠰᠠᠨ ᠮᠤᠩᠭ᠋ᠤᠯ

ᠦᠭ‍ᠭᠦᠯᠦᠭ᠍ᠰᠡᠭᠡᠷ᠂ ᠴᠠᠮᠠᠯᠠᠭᠤᠯᠤᠭᠰᠠᠭᠠᠷ ᠥᠭᠡᠢ᠌ᠷᠡᠭ᠍ᠰᠡᠨ ᠮᠤᠩᠭ᠋ᠤᠯ

ᠦᠷᠦ᠂ ᠴᠡᠭᠡᠵᠢ ᠪᠠᠨ 《ᠰᠢᠷᠬᠠᠯᠠᠭᠤᠯᠤᠭᠰᠠᠨ》 ᠮᠤᠩᠭ᠋ᠤᠯ


《ᠪᠣᠯᠪᠠ》 ᠭᠡᠮᠡᠭᠦ ᠰᠤᠯᠠ ᠰᠢᠯᠦᠭᠯᠡᠯ


ᠪᠠᠠᠳᠠᠩ ᠭᠡᠭᠡᠷ ᠲᠡᠶ ᠪᠠᠨ ᠨᠠᠭᠠᠳᠤᠮ ᠳᠤ ᠢᠷᠡᠳᠡᠭ᠌ ᠮᠤᠩᠭ᠋ᠤᠯ

ᠪᠠᠯᠪᠠᠷᠠᠬᠠᠢ ᠮᠤᠳᠤᠷ ᠲᠡᠶ ᠰᠢᠷᠡᠭᠡᠨ ᠳᠤ ᠰᠠᠭᠤᠳᠠᠭ ᠪᠣᠯᠪᠠ᠂

ᠪᠠᠷᠤᠭ ᠤᠨ ᠣᠴᠢᠷ ᠲᠤ ᠰᠢᠠᠳᠠᠷᠴᠤ ᠬᠠᠯᠢᠷᠠᠳᠠᠭ ᠦᠭᠡᠶ ᠵᠤᠷᠢᠭ

ᠪᠠᠭ᠎ᠠ ᠯᠠ ᠶᠠᠪᠣᠳᠠᠯ ᠳᠤ 《ᠰᠢᠨᠠᠯᠵᠤ》 《ᠡᠮᠳᠡᠷᠡᠭᠦ》 ᠪᠣᠯᠪᠠ᠃


ᠠᠢ᠌ᠯ ᠤᠨ᠂ ᠭᠦᠮᠤᠨ ᠤ ᠬᠢ ᠶᠢ ᠢᠯᠭᠠᠵᠤ ᠰᠠᠯᠭᠠᠳᠠᠭ ᠦᠭᠡᠶ ᠰᠤᠷᠳᠠᠯ

ᠠᠢ᠌ᠮᠠᠭ ᠣᠷᠤᠳᠠᠯ᠎ᠠ ᠵᠠᠷᠭᠤᠯᠵᠤ ᠰᠢᠭᠦᠯᠴᠡᠭᠦ ᠪᠣᠯᠪᠠ᠂

ᠠᠯᠢ ᠨᠢᠭᠡ ᠶᠢ ᠪᠠᠨ ᠢᠯᠡᠭᠦᠴᠢᠯᠡᠵᠤ ᠭᠠᠳᠠᠭᠤᠷᠴᠢᠯᠠᠳᠠᠭ ᠦᠭᠡᠶ ᠵᠠᠩᠰᠢᠯ

ᠠᠷᠤ ᠬᠣᠢ᠌ᠭᠤᠷ ᠨᠢ ᠱᠤᠳᠤᠷᠴᠤ ᠬᠠᠳᠤᠷᠬᠤ ᠪᠣᠯᠪᠠ᠃


ᠰᠤᠷᠤᠭᠰᠠᠨ ᠵᠠᠮ ᠶᠢᠡᠷ ᠶᠢᠡᠨ ᠶᠠᠪᠣᠶ᠎ᠠ ᠯᠠ ᠭᠡᠳᠡᠭ᠌ ᠴᠢᠭᠯᠡᠯᠳᠡ

ᠰᠤᠷᠠᠭ ᠢ ᠨᠢ ᠰᠤᠨᠤᠰᠤᠭᠠᠤᠨ᠂ ᠪᠣᠯᠤᠶ᠎ᠠ ᠯᠠ ᠭᠡᠳᠡᠭ᠌ ᠪᠣᠯᠪᠠ᠂

ᠪᠣᠳᠤᠭᠰᠠᠨ᠂ ᠰᠠᠨᠠᠭᠰᠠᠨ ᠶᠢᠡᠷ ᠶᠢᠡᠨ ᠭᠢᠶ᠎ᠠ ᠯᠠ ᠭᠡᠳᠡᠭ᠌ ᠵᠤᠷᠢᠯᠳᠠ

ᠪᠣᠯᠭᠤᠮᠵᠢᠯᠠᠵᠤ ᠭᠢᠴᠢᠶᠡᠭᠡᠳ᠂ ᠦᠵᠡᠶ᠎ᠠ ᠯᠠ ᠭᠡᠳᠡᠭ᠌ ᠪᠣᠯᠪᠠ᠃


《᠁ ᠦᠭᠡᠶ》 ᠮᠤᠩᠭ᠋ᠤᠯ


ᠣᠤᠭᠤᠬᠤ ᠣᠰᠤ ᠳᠠᠭᠠᠨ ᠬᠤᠷᠤᠭᠤ ᠳᠦᠷᠦᠳᠡᠭ᠌ ᠦᠭᠡᠶ᠂ ᠮᠤᠩᠭ᠋ᠤᠯ᠃

ᠠᠭᠤᠯᠵᠠᠬᠤ ᠨᠥᠭᠦᠷ ᠶᠢᠡᠨ ᠭᠢᠯᠠᠢ᠌ᠵᠤ ᠬᠠᠷᠠᠳᠠᠭ ᠦᠭᠡᠶ᠂ ᠮᠤᠩᠭ᠋ᠤᠯ᠃

ᠣᠭᠤᠴᠠ᠂ ᠰᠢᠭᠦᠰᠤ ᠪᠠᠨ ᠮᠠᠷᠠᠵᠤ ᠢᠳᠡᠳᠡᠭ᠌ ᠦᠭᠡᠶ᠂ ᠮᠤᠩᠭ᠋ᠤᠯ᠃

ᠣᠷᠭᠤᠮᠠᠯ᠂ ᠪᠠᠴᠢᠭᠡᠷ ᠶᠢᠡᠨ ᠰᠡᠭ᠍ᠴᠡᠵᠤ ᠰᠡᠪᠯᠡᠳᠡᠭ᠌ ᠦᠭᠡᠶ᠂ ᠮᠤᠩᠭ᠋ᠤᠯ᠃


ᠡᠯᠦᠡᠴᠡ ᠳᠡᠭᠡᠳᠦᠰ ᠶᠢᠡᠨ ᠨᠠᠷᠠᠯᠠᠵᠤ ᠳᠠᠭᠤᠳᠠᠳᠠᠭ ᠦᠭᠡᠶ᠂ ᠮᠤᠩᠭ᠋ᠤᠯ᠃

ᠡᠳ ᠪᠠᠷᠠᠭ᠎ᠠ ᠪᠠᠨ ᠳᠠᠷᠠᠯᠠᠵᠤ ᠰᠠᠭᠤᠳᠠᠭ ᠦᠭᠡᠶ᠂ ᠮᠤᠩᠭ᠋ᠤᠯ᠃

ᠡᠩᠭᠦᠷᠡᠢ ᠠᠮᠢᠳᠠᠤᠨ ᠢ ᠠᠯᠠᠵᠤ ᠨᠢᠳᠤᠯᠠᠳᠠᠭ ᠦᠭᠡᠶ᠂ ᠮᠤᠩᠭ᠋ᠤᠯ᠃

ᠡᠩᠭᠡᠷ ᠤᠨ ᠳᠤᠪᠴᠢ ᠪᠠᠨ ᠰᠤᠯᠠ ᠳᠠᠯᠪᠢᠳᠠᠭ ᠦᠭᠡᠶ᠂ ᠮᠤᠩᠭ᠋ᠤᠯ᠃


2009 .03.25 ᠬᠦᠬᠡᠬᠤᠲᠠᠨ᠎ᠡ

ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2009 ᠤᠨ ᠤ 12 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ