☆ ᠪᠤᠣ ᠵᠢᠨᠵᠣᠸᠠᠩᠽᠢ
ᠪᠦᠷᠬᠦᠳ ᠰᠦᠯᠵᠢᠶ᠎ᠡ ᠮᠢᠨᠢ
ᠪᠦᠮᠪᠦᠷᠴᠡᠭ ᠲᠡᠯᠡᠬᠡᠢ ᠶᠢᠨ
ᠡᠷᠭᠢᠯᠲᠡ ᠶᠢᠨ ᠵᠢᠮ᠎ᠡ ᠪᠡᠷ
ᠪᠣᠰᠣᠭ᠎ᠠ ᠦᠰᠦᠭ ᠦᠨ
ᠬᠦᠭᠵᠢᠯᠲᠡ ᠶᠢᠨ ᠶᠣᠰᠣ ᠪᠠᠷ
ᠪᠦᠷᠬᠦᠳ ᠰᠦᠯᠵᠢᠶ᠎ᠡ ᠮᠢᠨᠢ
ᠵᠢᠭᠦᠷ ᠢᠶᠡᠨ ᠨᠢᠭᠡ ᠲᠡᠯᠭᠡᠨ
ᠪᠣᠯᠪᠠᠰᠣᠨ ᠤ ᠮᠢᠨᠢ ᠭᠣᠯᠣᠮᠲᠠ ᠳ᠋ᠣ
ᠭᠠᠯ ᠨᠢᠭᠡ ᠲᠦᠷᠡᠯᠵᠡᠭᠦᠯᠦᠭᠰᠡᠨ ︕
ᠮᠡᠳᠡᠯᠭᠡᠲᠡᠨ ᠰᠡᠭᠡᠭᠡᠳᠡᠳ ᠦᠨ ᠢᠶᠡᠨ
ᠰᠣᠶᠣᠯ ᠤᠨ ᠦᠷᠦᠭᠡ ᠪᠤᠯᠣᠭᠰᠠᠨ
ᠮᠠᠯᠴᠢᠨ ᠲᠠᠷᠢᠶᠠᠴᠢᠳ ᠤᠨ ᠢᠶᠠᠨ
ᠭᠠᠢᠬᠠᠮᠰᠢᠭ ᠤᠨ ᠣᠷᠳᠣᠨ ᠪᠣᠯᠣᠭᠰᠠᠨ
ᠮᠠᠷᠭᠠᠰᠢ ᠢᠷᠡᠭᠡᠳᠦᠢ ᠶᠢᠨ
ᠰᠣᠶᠣᠯ ᠤᠨ ᠣᠯᠠᠮᠵᠢᠯᠠᠯ ᠢ ᠪᠠᠳᠣᠳᠬᠠᠭᠰᠠᠨ
ᠮᠤᠩᠭᠤᠯ ᠰᠣᠶᠣᠯ ᠤᠨ ᠲᠠᠪᠴᠠᠩ ︱
ᠪᠦᠷᠬᠦᠳ ᠰᠦᠯᠵᠢᠶ᠎ᠡ ᠮᠢᠨᠢ ︕
ᠦᠭᠦᠯᠡᠯᠭᠡ ᠨᠠᠢᠷᠠᠭᠣᠯᠣᠯ ᠤᠨ ᠦᠨᠴᠦᠭ ᠲᠡᠶ
ᠦᠯᠢᠭᠡᠷ ᠬᠣᠯᠪᠣᠭᠠᠨ ᠤ ᠪᠣᠯᠣᠩ ᠲᠠᠢ
ᠰᠣᠨᠢᠨ ᠮᠡᠳᠡᠭᠡᠨ ᠦ ᠬᠣᠪᠢᠶᠠᠷᠢᠯᠠᠯ ᠲᠠᠶ
ᠰᠢᠯᠦᠭ ᠵᠣᠬᠢᠶᠠᠯ ᠤᠨ ᠠᠩᠭᠢᠯᠠᠯ ᠲᠠᠶ
ᠴᠢᠮᠡᠭᠡᠯᠡᠯ ᠮᠡᠳᠡᠭᠡᠯᠡᠯ ᠦᠨ ᠨᠡᠢᠳᠡᠯᠡᠯ ᠲᠠᠢ
ᠴᠢᠮᠡᠭᠡ ᠰᠣᠷᠠᠭ ᠤᠨ ᠵᠠᠷᠯᠠᠯ ᠲᠠᠢ
ᠴᠢᠭ᠍ᠴᠢ ᠰᠣᠷᠳᠠᠯ ᠤᠨ ᠮᠠᠭᠳᠠᠭᠠᠯ ᠲᠠᠶ
ᠴᠢᠩ ᠵᠢᠷᠦᠮ ᠦᠨ ᠳᠠᠭᠣᠯᠠᠯ ᠲᠠᠶ ᠃
ᠰᠦᠯᠵᠢᠶᠡᠨ ᠡᠵᠡᠨ ᠦ ᠴᠢᠷᠮᠠᠢᠯᠭ᠎ᠠ ᠲᠠᠶ
ᠰᠦᠯᠲᠡ ᠬᠡᠢ ᠮᠣᠷᠢᠨ ᠤ ᠬᠣᠷᠣᠢᠯᠠᠯ ᠲᠠᠶ
ᠰᠦᠷᠯᠢᠭ ᠭᠣᠶᠣ ᠪᠣᠰᠣᠭ᠎ᠠ ᠪᠢᠴᠢᠯᠭᠡ ᠲᠡᠶ
ᠰᠦᠨᠦᠰᠢᠭᠦᠢ ᠮᠦᠩᠬᠡ ᠶᠢᠨ ᠲᠡᠮᠳᠡᠭᠯᠡᠯ ᠲᠡᠶ
ᠲᠠᠶᠠᠭᠠᠷ ᠣᠯᠠᠨ ᠤ ᠴᠣᠭᠯᠠᠷᠠᠯ ᠲᠠᠶ
ᠲᠠᠶᠠᠩ ᠲᠡᠯᠡᠬᠡᠢ ᠶᠢᠨ ᠭᠠᠢᠬᠠᠮᠰᠢᠭ ᠲᠠᠶ
ᠲᠠᠷᠬᠠᠨ ᠰᠣᠶᠣᠯ ᠤᠨ ᠬᠦᠭᠵᠢᠯᠳᠡ ᠲᠠᠢ
ᠲᠠᠪᠰᠢᠵᠦ ᠬᠦᠭᠵᠢᠬᠦ ᠶᠢᠨ ᠢᠷᠡᠭᠡᠳᠦᠢ ᠲᠡᠶ ᠃
ᠡᠢᠮᠦᠷᠬᠦ ᠰᠠᠢᠬᠠᠨ ᠰᠣᠶᠣᠯ ᠤᠨ ᠰᠦᠯᠵᠢᠶ᠎ᠡ ᠮᠢᠨᠢ
ᠡᠬᠡ ᠣᠷᠣᠨ ᠳᠤ ᠮᠢᠨᠢ ᠦᠷᠨᠢᠨ ᠦᠷᠨᠢᠭᠡᠰᠡᠢ ︕
ᠲᠡᠢᠮᠦᠷᠬᠦ ᠰᠣᠨᠢᠬᠠᠨ ᠪᠣᠯᠪᠠᠰᠣᠨ ᠤ ᠲᠣᠤᠷ ᠮᠢᠨᠢ
ᠲᠠᠷᠬᠠᠨ ᠨᠣᠲᠣᠭ ᠲᠤ ᠮᠢᠨᠢ ᠲᠠᠷᠬᠠᠨ ᠲᠠᠷᠬᠠᠭᠠᠰᠠᠢ ︕
ᠵᠤᠬᠢᠶᠠᠭᠴᠢ᠄ ᠪᠤᠣ ᠵᠢᠨᠵᠣᠸᠠᠩᠽᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10351
ᠴᠠᠭ᠄ 2023 ᠤᠨ ᠤ 03 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ