ᠨᠡᠪᠲᠡᠷᠡᠨ ᠤᠷᠤᠬᠤ
ᠥᠪᠣᠷ ᠮᠤᠩᠭ᠋ᠤᠯ ᠮᠢᠨᠢ

ᠠᠭᠳᠠ ᠶᠢᠨ ᠳᠠᠯ ᠳᠡᠭᠡᠷᠡᠭᠢ

ᠠᠭᠠᠷ ᠮᠠᠠᠳᠤᠯ ᠦᠪᠣᠷ ᠮᠤᠩᠭ᠋ᠤᠯ

ᠠᠽᠢᠶ᠎ᠠ ᠶᠢᠨ ᠨᠠᠷᠠ ᠲᠡᠶ ᠵᠢᠷᠭᠢᠭ᠍ᠰᠡᠨ

ᠠᠯᠳᠠᠨ ᠰᠠᠷᠠ ᠦᠪᠣᠷ ᠮᠤᠩᠭ᠋ᠤᠯ

ᠠᠷᠪᠠᠨ ᠭᠤᠷᠪᠠᠳᠤᠭᠠᠷ ᠵᠠᠭᠤᠨ ᠤ

ᠠᠭᠳᠠ ᠶᠢᠨ ᠳᠤᠭᠤᠷᠠᠢ ᠦᠪᠣᠷ ᠮᠤᠩᠭ᠋ᠤᠯ

ᠠᠷᠠᠳᠴᠢ ᠪᠠᠭᠠᠳᠤᠷ ᠭᠠᠳᠠ ᠶᠢᠨ

ᠠᠮᠠᠯᠠᠭᠰᠠᠨ ᠰᠢᠷᠤᠢ ᠦᠪᠣᠷ ᠮᠤᠩᠭ᠋ᠤᠯ᠃

ᠭᠤᠪᠠᠢ ᠴᠡᠴᠡᠭ᠌ ᠤᠨ ᠰᠢᠷ᠎ᠠ ᠳᠠᠯ᠎ᠠ ᠶᠢᠨ

ᠭᠤᠨᠢᠭ ᠤᠨ ᠭᠡᠯᠳᠡᠰ ᠦᠪᠣᠷ ᠮᠤᠩᠭ᠋ᠤᠯ

ᠵᠡᠭᠦᠳᠡᠨ ᠤ ᠭᠦᠨ ᠳᠤ ᠴᠤᠯᠭᠢᠭᠰᠠᠨ

ᠥᠭᠡᠯᠤᠨ ᠭᠤᠤᠯ ᠦᠪᠣᠷ ᠮᠤᠩᠭ᠋ᠤᠯ

ᠵᠢᠷᠦᠭᠡᠨ ᠤ ᠳᠠᠯᠳᠠ ᠳᠦᠭᠡᠨᠡᠭ᠍ᠰᠡᠨ

ᠦᠨᠦᠴᠢᠨ ᠰᠢᠭᠤᠷᠭ᠎ᠠ ᠦᠪᠣᠷ ᠮᠤᠩᠭ᠋ᠤᠯ

ᠳᠤᠮᠤᠭ ᠤᠨ ᠭᠦᠭᠡ ᠴᠢᠨ᠋ᠸ᠎ᠠ ᠦᠪᠣᠷ ᠮᠤᠩᠭ᠋ᠤᠯ

ᠳᠤᠷᠤᠨ᠎ᠠ ᠶᠢᠨ ᠭᠦᠮᠤᠨ ᠭᠠᠯ ᠦᠪᠣᠷ ᠮᠤᠩᠭ᠋ᠤᠯ᠃

ᠡᠯᠢᠭᠡᠨ ᠳᠤ ᠴᠢᠨᠢ ᠮᠡᠯᠮᠡᠷᠡᠭ᠍ᠰᠡᠨ

ᠡᠷᠭᠡ ᠴᠢᠯᠦᠭᠡᠨ ᠤ ᠨᠢᠯᠪᠣᠰᠤ

ᠡᠯᠡᠰᠤᠨ ᠳᠤ ᠴᠢᠨᠢ ᠰᠢᠮᠰᠢᠷᠡᠭ᠍ᠰᠡᠨ

ᠡᠵᠡᠨ ᠮᠠᠳᠠᠯ ᠤᠨ ᠳᠠᠩᠭ᠋ᠠᠷᠢᠭ

ᠰᠢᠯᠦᠭ᠌ ᠤᠨ ᠰᠦᠯᠳᠡ

ᠴᠡᠴᠡᠭ᠌ ᠤᠨ ᠭᠡᠰᠡᠷ ᠪᠠᠷ ᠪᠦᠵᠢᠭ᠍ᠰᠡᠨ

ᠰᠢᠨ᠎ᠠ ᠡᠷᠡᠨ ᠰᠦᠯᠳᠡ ᠶᠢᠨ ᠢᠷ ᠪᠠᠷ ᠵᠢᠷᠭᠢᠭ᠍ᠰᠡᠨ

ᠴᠡᠩᠭᠡᠯ ᠤᠨ ᠢᠨᠢᠶᠠᠳᠤ ᠵᠡᠭᠦᠳᠤᠨ ᠣᠳᠤᠷ ᠲᠤ ᠬᠠᠩᠭᠢᠨᠠᠭᠰᠠᠨ

ᠰᠠᠷᠬᠤᠤᠨ ᠤᠨ ᠢᠷᠦᠭᠡᠯ ᠦᠪᠣᠷ ᠮᠤᠩᠭ᠋ᠤᠯ

ᠰᠠᠴᠤᠯᠢ ᠶᠢᠨ ᠬᠠᠳᠠᠭ ᠦᠪᠣᠷ ᠮᠤᠩᠭ᠋ᠤᠯ

ᠡᠵᠡᠨ ᠪᠠᠶ᠎ᠠ ᠶᠢ ᠣᠯᠭᠤᠭᠰᠠᠨ

ᠡᠷᠭᠡ ᠮᠠᠳᠠᠯ ᠢ ᠳᠠᠷᠬᠠᠯᠠᠭᠰᠠᠨ

ᠡᠷᠳᠡᠮ ᠰᠤᠶᠤᠯ ᠳᠤ ᠭᠦᠳᠦᠯᠦᠭ᠍ᠰᠡᠨ

ᠡᠷᠭᠡ ᠵᠢᠷᠭᠠᠯ ᠳᠤ ᠳᠠᠰᠢᠭᠤᠯᠤᠭᠰᠠᠨ

ᠳᠡᠯᠢᠭᠦᠨ ᠪᠣᠯᠳᠤᠭ ᠲᠤ ᠳᠡᠯᠭᠡᠷᠡᠭ᠍ᠰᠡᠨ

ᠳᠠᠯᠠᠨ ᠬᠠᠷ᠎ᠠ ᠶᠢᠨ ᠳᠠᠢ᠌ᠨ ᠤ ᠪᠦᠷᠢᠶ᠎ᠡ

ᠳᠡᠯᠡᠭᠡᠢ ᠶᠢᠨ ᠳᠠᠪᠴᠠᠩ ᠳᠤ ᠭᠠᠩᠬᠤᠭᠰᠠᠨ

ᠳᠠᠶᠠᠩ ᠮᠤᠩᠭ᠋ᠤᠯ ᠤᠨ ᠪᠣᠰᠤᠭ᠎ᠠ ᠰᠦᠯᠳᠡ

ᠲᠦᠮᠡᠨ ᠣᠨ ᠤ ᠳᠠᠩᠭᠢᠰ ᠡᠷᠭᠢ ᠦᠪᠣᠷ ᠮᠤᠩᠭ᠋ᠤᠯ

ᠳᠡᠭ᠍ᠷᠢ ᠪᠣᠭᠳᠠ ᠶᠢᠨ ᠪᠣᠷᠬᠠᠨ ᠠᠭᠤᠯᠠᠰ ᠦᠪᠣᠷ ᠮᠤᠩᠭ᠋ᠤᠯ

ᠡᠨᠡ ᠨᠠᠰᠤᠨ ᠤ ᠵᠢᠷᠭᠠᠯ ᠤᠨ ᠣᠶᠠᠭ᠎ᠠ ᠦᠪᠣᠷ ᠮᠤᠩᠭ᠋ᠤᠯ

ᠡᠩᠭᠡ ᠰᠠᠢ᠌ᠬᠠᠨ ᠤ ᠨᠠᠷᠠᠯᠠᠭ ᠬᠤᠷᠸ᠎ᠠ ᠦᠪᠣᠷ ᠮᠤᠩᠭ᠋ᠤᠯ

ᠮᠤᠷᠢ ᠳᠠᠯ ᠪᠠᠨ ᠮᠠᠷᠳᠠᠵᠤ ᠣᠠᠳᠠᠬᠤ ᠦᠭᠡᠶ ᠦᠪᠣᠷ ᠮᠤᠩᠭ᠋ᠤᠯ

ᠮᠦᠰᠤ ᠳᠤᠭ ᠪᠠᠨ ᠮᠠᠨᠠᠵᠤ ᠨᠠᠮᠢᠷᠠᠳᠠᠭ ᠦᠪᠣᠷ ᠮᠤᠩᠭ᠋ᠤᠯ

ᠳᠠᠭᠤᠳᠠᠬᠤ ᠳᠤ ᠡᠷ᠎ᠡ ᠪᠠᠷᠳᠠᠮ ᠦᠪᠣᠷ ᠮᠤᠩᠭ᠋ᠤᠯ

ᠳᠠᠭᠤᠯᠠᠬᠤ ᠳᠤ ᠨᠠᠷᠠ ᠪᠠᠶᠠᠰᠳᠠᠭ ᠦᠪᠣᠷ ᠮᠤᠩᠭ᠋ᠤᠯ

ᠬᠠᠢ᠌ᠷ᠎ᠠ ᠶᠢᠨ ᠳᠦᠷᠦᠭᠡᠨ ᠳᠤ ᠬᠠᠩᠭᠢᠨᠠᠵᠤ ᠪᠣᠰᠳᠠᠭ ᠦᠪᠣᠷ ᠮᠤᠩᠭ᠋ᠤᠯ

ᠬᠠᠯᠠᠭᠤᠨ ᠴᠢᠰᠤᠨ ᠳᠤ ᠬᠠᠯᠭᠢᠯᠠᠵᠤ ᠪᠣᠷᠭᠢᠯᠠᠳᠠᠭ ᠦᠪᠣᠷ ᠮᠤᠩᠭ᠋ᠤᠯ

ᠠᠶᠤᠯᠳᠤ ᠳᠠᠢ᠌ᠨ ᠤ ᠭᠠᠯ ᠳᠣᠢ᠌ᠮᠠᠷ ᠢ

ᠠᠯᠠᠭ᠎ᠠ ᠪᠠᠷ ᠶᠢᠠᠨ ᠳᠠᠷᠤᠭᠰᠠᠨ

ᠠᠷᠠᠤᠨ ᠲᠦᠮᠡᠨ ᠤ ᠦᠪᠣᠷ ᠮᠤᠩᠭ᠋ᠤᠯ

ᠠᠯᠳᠠᠨ ᠲᠦᠷᠦ ᠪᠠᠨ ᠠᠶᠤᠤᠯᠢᠬᠠᠢ ᠪᠠᠷ ᠮᠠᠨᠠᠭᠰᠠᠨ

ᠠᠷᠢᠭᠤᠨ ᠶᠤᠰᠤᠨ ᠤ ᠦᠪᠣᠷ ᠮᠤᠩᠭ᠋ᠤᠯ

ᠠᠷᠤ ᠳᠠᠭᠠᠨ ᠠᠶᠤᠰᠢ ᠲᠡᠶ ᠦᠪᠣᠷ ᠮᠤᠩᠭ᠋ᠤᠯ

ᠡᠪᠦᠷ ᠲᠡᠭᠡᠨ ᠡᠷᠴᠢ ᠲᠡᠶ ᠦᠪᠣᠷ ᠮᠤᠩᠭ᠋ᠤᠯ

ᠡᠵᠡᠨ ᠮᠠᠳᠠᠯ ᠤᠨ ᠠᠮᠢᠳᠤᠷᠠᠯ ᠤᠨ ᠲᠦᠯᠦ ᠦᠪᠣᠷ ᠮᠤᠩᠭ᠋ᠤᠯ

ᠡᠩᠭᠡ ᠳᠠᠢ᠌ᠪᠣᠩ ᠤᠨ ᠨᠠᠷᠠᠨ ᠵᠠᠯ᠎ᠠ ᠦᠪᠣᠷ ᠮᠤᠩᠭ᠋ᠤᠯ

ᠳᠦᠳᠡᠭ᠌ ᠢ ᠴᠢᠨᠢ ᠳᠤᠭᠣᠢ᠌ᠯᠠᠭᠠᠤᠨ

ᠲᠦᠮᠡᠨ ᠶᠠᠪᠤᠬᠤᠯᠠᠩ ᠣᠶᠠᠩᠭ᠋ᠠᠯᠠᠨ᠎ᠠ

ᠳᠤᠭ ᠢ ᠴᠢᠨᠢ ᠡᠷᠭᠦᠭᠡᠳ

ᠲᠦᠷᠦ ᠶᠢᠨ ᠴᠣᠢ᠌ᠨᠤᠮ ᠪᠣᠰᠤᠨᠠᠮ

ᠮᠠᠷᠳᠠᠭᠳᠠᠰᠢ ᠦᠭᠡᠶ ᠨᠢᠭᠡᠨ ᠭᠢᠴᠢᠶᠠᠯ

ᠮᠢᠨᠤ ᠦᠪᠣᠷ ᠮᠤᠩᠭ᠋ᠤᠯ

ᠮᠠᠷᠭᠤᠰᠢ ᠦᠭᠡᠶ ᠭᠠᠭᠴᠠ ᠪᠠᠳᠤᠶᠤᠰᠤ

ᠮᠢᠨᠤ ᠦᠪᠣᠷ ᠮᠤᠩᠭ᠋ᠤᠯ

ᠨᠠ᠊·ᠰᠠᠢ᠌ᠨ ᠤ ᠨᠠᠷᠠᠨ ᠳᠡᠯᠡᠭᠡᠢ ᠮᠢᠨᠤ ᠦᠪᠣᠷ ᠮᠤᠩᠭ᠋ᠤᠯ

ᠨᠠᠷᠠᠰᠤ ᠮᠠᠢ᠌ᠯᠠᠰᠤ ᠶᠢᠨ ᠨᠠᠮᠵᠤᠬᠠᠨ ᠳᠤᠯᠭᠢᠶ᠎ᠠ ᠮᠢᠨᠤ ᠦᠪᠣᠷ ᠮᠤᠩᠭ᠋ᠤᠯ

ᠴᠠᠭᠠᠨ ᠭᠡᠷᠡᠮ ᠤᠨ ᠴᠠᠰᠤᠨ ᠳᠣᠢ᠌ᠮᠠᠷ ᠦᠪᠣᠷ ᠮᠤᠩᠭ᠋ᠤᠯ

ᠴᠠᠭᠠᠳᠤ ᠭᠡᠢ᠌ᠪᠦᠩ ᠤᠨ ᠴᠠᠭᠠᠨ ᠢᠷᠦᠭᠡᠯ ᠦᠪᠣᠷ ᠮᠤᠩᠭ᠋ᠤᠯ

ᠮᠤᠷᠢᠨ ᠬᠤᠭᠤᠷ ᠤᠨ ᠮᠥᠩᠭᠡ ᠶᠢᠨ ᠡᠭᠡᠰᠢᠭ᠌

ᠮᠢᠨᠤ ᠦᠪᠣᠷ ᠮᠤᠩᠭ᠋ᠤᠯ

ᠮᠤᠷᠢᠳᠠᠢ ᠭᠦᠮᠤᠨ ᠰᠦᠷ ᠲᠡᠶ ᠠᠶᠠᠨ

ᠮᠢᠨᠤ ᠦᠪᠣᠷ ᠮᠤᠩᠭ᠋ᠤᠯ

ᠮᠤᠩᠭ᠋ᠤᠯ ᠨᠠᠷᠠᠨ ᠤ ᠥᠯᠦᠭᠡᠢ ᠦᠪᠣᠷ ᠮᠤᠩᠭ᠋ᠤᠯ

ᠮᠥᠩᠭᠡ ᠶᠢᠨ ᠭᠦᠭᠡ ᠰᠤᠳᠤᠷ ᠦᠪᠣᠷ ᠮᠤᠩᠭ᠋ᠤᠯ

ᠮᠢᠩᠭ᠋ᠠᠨ ᠮᠢᠩᠭ᠋ᠠᠨ ᠢ ᠰᠤᠠᠳᠠᠯᠠᠭᠰᠠᠨ ᠮᠤᠩᠭ᠋ᠤᠯ ᠳᠠᠯ ᠦᠪᠣᠷ ᠮᠤᠩᠭ᠋ᠤᠯ

ᠲᠦᠮᠡᠨ ᠣᠨ ᠢ ᠡᠯᠡᠭᠡᠭ᠍ᠰᠡᠨ ᠳᠡᠦᠭᠡ ᠶᠢᠨ ᠭᠠᠯ ᠦᠪᠣᠷ ᠮᠤᠩᠭ᠋ᠤᠯ᠃


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ

ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2632
ᠴᠠᠭ᠄ 2009 ᠤᠨ ᠤ 12 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ