ᠨᠡᠪᠲᠡᠷᠡᠨ ᠤᠷᠤᠬᠤ
ᠨᠢᠭᠤᠵᠤ ᠭᠡᠯᠡᠭ᠍ᠰᠡᠨ ᠥᠭᠡ ᠳᠡᠯᠡᠭᠡᠢ ᠳᠠᠯᠠᠵᠤ ᠦᠶᠡᠷᠯᠠᠨ᠎ᠠ

ᠭᠦᠭᠡ ᠳᠡᠭ᠍ᠷᠢ ᠨᠠᠳᠠ ᠳᠤ ᠬᠤᠶᠠᠷ ᠭᠠᠷ ᠦᠭ‍ᠭᠦᠭ᠍ᠰᠡᠨ ᠪᠣᠯᠬᠤᠷ

ᠭᠦᠮᠤᠨ ᠢ ᠪᠢ ᠲᠦᠰᠢᠵᠤ ᠰᠤᠷᠤᠭᠰᠠᠨ ᠦᠭᠡᠶ ᠮᠢᠨᠢ ᠦᠨᠡᠨ

ᠭᠦᠭᠡᠷᠦᠭᠦᠢ ᠡᠵᠢ ᠮᠢᠨᠢ ᠨᠠᠮ᠎ᠠ ᠶᠢ ᠪᠦᠳᠤᠨ ᠥᠰᠭᠡᠭ᠍ᠰᠡᠨ ᠣᠴᠢᠷ

ᠪᠣᠰᠤᠭ᠎ᠠ ᠶᠠᠪᠣᠬᠤ ᠪᠠᠨ ᠥᠭᠡᠷᠡᠴᠢᠯᠡᠵᠤ ᠴᠢᠳᠠᠬᠤ ᠦᠭᠡᠶ ᠶᠢ ᠮᠢᠨᠢ ᠠᠭᠤᠴᠢᠯᠠ

ᠳᠠᠷᠠ ᠬᠤᠯᠠ ᠶᠢᠨ ᠪᠣᠰᠤᠭ᠎ᠠ ᠪᠣᠰᠤᠭ᠎ᠠ ᠡᠭᠦᠯᠡᠰ

ᠡ᠊ᠨᠳᠡᠭᠦᠷᠡᠵᠤ ᠨᠠᠳᠠ ᠬᠤᠷ᠎ᠠ ᠶᠢᠨ ᠮᠥᠭᠦᠯᠢᠭ᠌ ᠶᠢᠡᠨ ᠦᠭ‍ᠭᠦᠭᠡ ᠦᠭᠡᠶ ᠴᠤ

ᠳᠡᠭᠡᠳᠦᠰ ᠡᠴᠡ ᠥᠪᠯᠡᠭ᠍ᠰᠡᠨ ᠳᠡᠭ᠍ᠷᠢᠯᠢᠭ᠌ ᠰᠤᠶᠤᠯ ᠤᠨ ᠭᠦᠭᠦ ᠡᠴᠡ

ᠰᠢᠮᠠᠨ ᠰᠢᠮᠠᠨ ᠪᠣᠢ᠌ᠵᠢᠭᠰᠠᠨ ᠶᠢᠡᠨ ᠪᠢ ᠮᠠᠷᠳᠠᠬᠤ ᠦᠭᠡᠶ

ᠣᠢ ᠶᠢᠨ ᠭᠦᠨ ᠳᠤ ᠪᠣᠯᠵᠤᠮᠤᠷ ᠤᠨ ᠰᠦᠷᠦᠭ᠌

ᠵᠢᠭᠦᠷᠳᠡᠨ ᠤ ᠸᠠᠩ ᠤᠨ ᠰᠤᠩᠭ᠋ᠤᠯᠳᠠ ᠭᠢᠵᠤ ᠪᠠᠢ᠌ᠪᠠ

ᠪᠢ ᠢᠨᠢᠶᠠᠵᠤ ᠴᠢᠳᠠᠭᠰᠠᠨ ᠦᠭᠡᠶ

ᠡᠰᠡᠷᠭᠦ ᠴᠢᠭᠯᠡᠯ ᠡᠴᠡ ᠠᠳᠤᠭᠤᠨ ᠳᠦᠪᠠᠷᠭᠡᠨ ᠳᠠᠴᠢᠭᠢᠨᠠᠵᠤ ᠪᠠᠢ᠌ᠪᠠ

ᠬᠤᠷᠠᠯ ᠤᠨ ᠣᠯᠠᠨ ᠪᠣᠯᠵᠤᠮᠤᠷ ᠦᠷᠭᠦᠨ ᠵᠠᠢ᠌ᠯᠠᠭᠰᠠᠨ ᠦᠭᠡᠶ

ᠨᠢᠭᠤᠵᠤ ᠭᠡᠯᠡᠭ᠍ᠰᠡᠨ ᠥᠭᠡ ᠳᠡᠯᠡᠭᠡᠢ ᠳᠠᠯᠠᠵᠤ ᠦᠶᠡᠷᠯᠠᠨ᠎ᠠ

ᠮᠥᠭᠦᠯᠢᠭ᠌ ᠮᠥᠭᠦᠯᠢᠭ᠌ ᠴᠢᠯᠠᠭᠤᠳ ᠡᠷᠭᠢ ᠶᠢ ᠨᠢ ᠳᠠᠯᠠᠰᠴᠤ ᠱᠤᠩᠪᠠᠨ᠎ᠠ

ᠠᠢ᠌ᠯ ᠤᠨ ᠣᠯᠠᠨ ᠴᠤᠩᠬᠤ ᠣᠳᠤᠳ ᠰᠢᠭ ᠠᠨᠢᠪᠴᠢᠵᠤ

ᠣᠶᠠᠭᠠᠨ ᠤ ᠭᠠᠭᠴᠠᠬᠠᠨ ᠣᠨᠤᠭ᠎ᠠ ᠨᠠᠷᠠ ᠰᠢᠭ ᠯᠠ ᠣᠶᠠᠩᠭ᠋ᠠᠷᠠᠨ᠎ᠠ

ᠬᠤᠤᠯᠢᠨ ᠤ ᠣᠷᠤᠰᠬᠠᠯ ᠥᠭ᠍ᠰᠤᠨ ᠬᠤᠭᠤᠰᠤᠨ ᠳᠠᠪᠭᠢᠬᠤ ᠭᠠᠯᠳᠤ ᠶᠢᠨ ᠳᠦᠪᠠᠷᠭᠡᠨ ᠳᠤ

ᠰᠦᠨᠢᠵᠢᠨ ᠪᠢ ᠨᠣᠢ᠌ᠷ ᠬᠤᠯᠵᠢᠵᠤ ᠬᠤᠨᠤᠨ᠎ᠠ ᠡ ᠁


           ᠳᠦᠷᠦᠭᠦᠤ ᠴᠠᠰᠤ


ᠦᠨᠦ ᠵᠢᠯ ᠤᠨ ᠳᠦᠷᠦᠭᠦᠤ ᠴᠠᠰᠤ

ᠪᠦᠷᠦᠢ ᠪᠠᠷ ᠪᠦᠵᠢᠨ ᠪᠦᠵᠢᠨ ᠣᠨᠠᠵᠤ ᠪᠠᠢ᠌ᠪᠠ

ᠡᠭᠡ ᠭᠠᠵᠠᠷ ᠤᠨ ᠡᠩᠭᠦᠯ ᠬᠤᠩᠬᠤᠯ ᠤᠳ ᠢ ᠦᠯᠳᠠᠵᠤ

ᠡᠩ ᠦᠭᠡᠶ ᠴᠠᠭᠠᠨ ᠶᠢᠡᠷ ᠬᠤᠴᠢᠵᠤ ᠪᠠᠢ᠌ᠪᠠ

ᠰᠠᠷᠠ ᠦᠭᠡᠶ ᠴᠤ ᠭᠠᠳᠠᠨ᠎ᠠ ᠭᠡᠪ ᠭᠡᠭᠡᠭᠡᠨ

ᠭᠦᠡᠳᠡᠯᠡᠨ ᠪᠣᠶᠤ ᠭᠤᠯᠳᠤ ᠪᠠᠷ ᠠᠯᠬᠤᠯᠠᠬᠤ ᠪᠣᠰᠤᠭ᠎ᠠ ᠳᠤᠯᠤᠭᠠᠢ᠌ᠳᠠᠤᠨ ᠤᠨ

ᠥᠯᠡᠳᠡᠭᠡᠭ᠍ᠰᠡᠨ ᠮᠦᠷ ᠢ ᠨᠢ ᠳᠠᠮᠠᠭᠠᠯᠠᠨ ᠠᠪᠴᠤ ᠵᠢᠩᠨᠠᠵᠤ ᠪᠠᠢ᠌ᠪᠠ

ᠣᠷᠪᠠᠨ ᠬᠠᠷᠠᠭᠰᠠᠨ ᠦᠭᠡᠶ ᠪᠣᠯᠬᠤᠷ ᠰᠡᠷᠡᠭ᠍ᠰᠡᠨ ᠦᠭᠡᠶ ᠶᠠᠪᠣᠵᠤ ᠣᠤᠠᠪᠠ

ᠬᠣᠢ᠌ᠨᠠᠭᠢ ᠨᠢᠭᠡ ᠨᠢ ᠭᠡᠢ᠌ᠳᠡᠯ᠎ᠡ ᠮᠠᠳᠠᠵᠤ ᠪᠠᠢ᠌ᠭᠰᠠᠨ ᠴᠤ

ᠥᠩᠭᠡᠷᠡᠴᠢᠭᠡᠭ᠍ᠰᠡᠨ ᠬᠣᠢ᠌ᠨ᠎ᠠ ᠭᠡᠵᠤ ᠳᠦᠷᠪᠠᠯᠵᠢᠯᠠᠨ ᠠᠯᠬᠤᠯᠠᠭᠰᠠᠭᠠᠷ ᠥᠩᠭᠡᠷᠡᠨ᠎ᠡ

ᠦᠷᠯᠦᠭᠡ ᠪᠣᠰᠬᠤ ᠪᠠᠷ ᠴᠠᠰᠤ ᠪᠦᠷ ᠣᠶᠠᠷᠠᠴᠢᠬᠠᠭᠠᠤᠨ ᠪᠠᠢ᠌ᠭᠰᠠᠨ

ᠡᠭᠦᠯᠡ ᠠᠷᠢᠯᠤᠭᠰᠠᠨ ᠦᠭᠡᠶ ᠪᠣᠯᠬᠤᠷ ᠴᠠᠰᠤ ᠦᠷᠭᠦᠯᠵᠢᠯᠡᠭᠦ ᠨᠢ ᠵᠦᠪ

ᠭᠡᠶ᠎ᠡ᠂ ᠨᠣᠢ᠌ᠳᠠᠨ ᠭᠦᠷᠦᠰᠤᠨ ᠳᠤ ᠵᠤᠯᠭᠠᠭᠰᠠᠨ ᠴᠠᠰᠤᠨ ᠴᠡᠴᠡᠭ᠌ ᠤᠳ

ᠡᠭᠡ ᠭᠠᠵᠠᠷ ᠤᠨ ᠶᠢᠡᠨ ᠡᠯᠢᠭᠡᠨ ᠳᠤ ᠰᠢᠩᠭᠡᠭᠡᠵᠤ ᠠᠭᠤᠰᠬᠤ ᠪᠠᠨ ᠮᠠᠷᠳᠠᠭᠰᠠᠨ ᠦᠭᠡᠶ

ᠦᠨᠦ ᠵᠢᠯ ᠤᠨ ᠴᠠᠰᠤ ᠡᠷᠳᠡ ᠢᠷᠡᠭ᠍ᠰᠡᠨ ᠪᠣᠯᠬᠤᠷ

ᠢᠷᠡᠭᠦ ᠵᠢᠯ ᠤᠨ ᠬᠠᠪᠣᠷ ᠦᠭ᠍ᠭᠢᠶᠡᠮᠦᠷ ᠪᠣᠯᠬᠤ ᠨᠢ ᠡ︕


           ᠳᠡᠨᠦᠭᠦᠯ ᠰᠠᠯᠭᠢ


ᠲ᠋ᠡᠭ᠍ᠷᠢ ᠶᠢᠨ ᠰᠠᠯᠭᠢ ᠶᠠᠷᠤᠨᠢ ᠳᠡᠭ᠍ᠰᠢ ᠪᠠᠢ᠌ᠳᠠᠭ ᠶᠤᠮ ᠪᠣᠯ

ᠬᠠᠮᠢᠭ᠎ᠠ ᠡᠴᠡ ᠰᠠᠯᠭᠢᠯᠠᠬᠤ ᠶᠢ ᠨᠢ ᠪᠢᠳᠠ ᠠᠠᠳᠠᠬᠤ ᠣᠴᠢᠷ ᠦᠭᠡᠶ

ᠲᠦᠮᠡᠨ ᠤ ᠪᠣᠳᠤᠯ ᠶᠠᠷᠤᠨᠢ ᠭᠡᠪ ᠲᠡᠶ ᠪᠠᠢ᠌ᠭᠰᠠᠨ ᠶᠤᠮ ᠪᠣᠯ

ᠳᠡᠩᠨᠡᠭᠦᠷ ᠢ ᠪᠢᠳᠠ ᠭᠡᠷᠡᠭᠯᠡᠭᠦ ᠶᠤᠰᠤ ᠦᠭᠡᠶ

ᠠᠮᠢᠳᠤᠷᠠᠯ ᠤᠨ ᠵᠠᠮ ᠶᠠᠷᠤᠨᠢ ᠡᠷᠢᠶᠡᠨ ᠪᠠᠷᠠᠭᠠᠨ ᠬᠣᠢ᠌ᠨ᠎ᠠ

ᠳᠡᠩᠴᠡᠭᠦᠯᠵᠤ ᠰᠠᠨᠠᠬᠤ ᠶᠢᠨ ᠴᠢᠬᠤᠯᠠ ᠦᠭᠡᠶ

ᠭᠠᠵᠠᠷ ᠭᠠᠵᠠᠷ ᠤᠨ ᠰᠠᠯᠭᠢ ᠵᠠᠢ ᠠᠪᠴᠤ ᠰᠢᠭᠤᠷᠠᠨ᠎ᠠ

ᠭᠠᠯᠪᠠ ᠭᠠᠯᠪᠠ ᠶᠢᠨ ᠳᠡᠮᠡᠴᠡᠭᠡᠨ ᠴᠢᠮᠡᠭᠡ ᠳᠠᠭᠤᠯᠵᠤ ᠳᠠᠭᠵᠢᠨ᠎ᠠ

ᠬᠤᠨᠤᠭ ᠤᠨ ᠣᠯᠠᠨ ᠵᠡᠭᠦᠳᠤ ᠰᠡᠷᠡᠭᠦᠨ ᠳᠤ ᠪᠠᠨ ᠴᠠᠷᠴᠠᠵᠤ

ᠬᠠᠢ᠌ᠷ᠎ᠠ ᠶᠢᠨ ᠰᠢᠷᠭᠡᠭ᠌ ᠤᠳ ᠢ ᠭᠦᠯᠳᠡᠭᠡᠵᠤ ᠣᠷᠭᠢᠨ᠎ᠠ

ᠬᠤᠩᠭ᠋ᠤᠷᠬᠠᠨ ᠴᠡᠴᠡᠭ᠌ ᠤᠳ ᠳᠠᠯᠪᠢᠨ ᠳᠤ ᠪᠠᠨ ᠬᠠᠳᠠᠵᠤ

ᠬᠤᠵᠢᠳᠠᠭᠰᠠᠨ ᠪᠣᠷᠤᠭᠠᠨ ᠳᠤ ᠳᠡᠯᠭᠡᠷᠡᠵᠤ ᠴᠢᠳᠠᠭᠰᠠᠨ ᠦᠭᠡᠶ

ᠨᠠᠮᠵᠢᠭᠤᠨ ᠦᠷᠦᠭᠡᠨ ᠤ ᠴᠢᠮᠡᠭᠡ ᠡᠪᠳᠡᠵᠤ ᠬᠠᠶᠠ ᠨᠢᠭᠡ ᠣᠳᠠᠰᠤ ᠢᠷᠠᠨ᠎ᠠ

ᠥᠨᠡᠡᠴᠢᠭᠡᠨ ᠥᠭᠡᠨ ᠤ ᠬᠠᠷᠢᠭᠤ ᠴᠤᠷᠭᠢᠵᠤ ᠦᠷᠭᠡᠰᠤ ᠲᠡᠶ ᠥᠭᠡᠰ ᠴᠢᠯᠠᠭᠤᠵᠢᠵᠤ ᠪᠠᠢ᠌ᠯ᠎ᠠ

ᠥᠰᠢᠶᠡᠷᠭᠡᠯ ᠤᠨ ᠰᠠᠯᠭᠢᠨ ᠳᠤ ᠥᠶᠡᠷᠭᠡᠯ ᠤᠨ ᠨᠢᠯᠪᠣᠰᠤ ᠣᠬᠤᠷᠬᠠᠢ ᠳᠤ ᠪᠠᠨ ᠬᠠᠳᠠᠵᠤ

ᠳᠤᠭᠠᠯᠠᠩ ᠤᠨ ᠵᠤᠪᠠᠭᠤᠷᠢ ᠳᠤ ᠳᠤᠭᠠᠳᠠᠢ᠌ᠬᠠᠨ ᠬᠤᠨᠤᠭ ᠤᠳ ᠭᠤᠨᠢᠭ ᠲᠡᠶ ᠮᠥᠩᠭᠡᠷᠡᠨ᠎ᠡ

ᠬᠤᠯᠠ ᠰᠢᠷᠭᠠᠯᠳᠤᠬᠤ ᠬᠤᠩᠭ᠋ᠤᠷᠬᠠᠨ ᠨᠠᠮᠤᠷ ᠤᠨ ᠨᠠᠪᠴᠢᠰ

ᠬᠤᠨᠤᠭ ᠡᠳᠦᠷ ᠤᠨ ᠣᠷᠳᠤ ᠳᠤ ᠰᠤᠶᠤᠭᠠᠯᠠᠨ ᠣᠷᠭᠤᠵᠤ ᠴᠢᠳᠠᠬᠤ ᠦᠭᠡᠶ ᠴᠤ

ᠨᠠᠮᠤᠷ ᠲᠤ ᠪᠠᠨ ᠴᠡᠴᠡᠭᠡᠰ ᠪᠣᠯᠵᠤ ᠳᠡᠯᠭᠡᠷᠡᠭᠦ ᠦᠭᠡᠶ ᠪᠠᠢ᠌ᠵᠤ ᠴᠢᠳᠠᠭᠰᠠᠨ ᠦᠭᠡᠶ

ᠬᠠᠶᠠ ᠬᠠᠶᠠ ᠨᠠᠳᠠ ᠡᠴᠡ ᠡ᠊ᠨᠳᠡᠭᠦᠷᠡᠯ ᠤᠨ ᠣᠯᠠᠨ ᠨᠥᠭᠦᠭᠡᠰᠤ ᠣᠷᠭᠤᠵᠤ

ᠰᠠᠯᠭᠢ ᠣᠷᠤᠭᠤᠳᠠᠨ ᠳᠠᠷᠪᠠᠵᠤ ᠪᠠᠢ᠌ᠯ᠎ᠠ ᠁


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2011 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ