☆ ᠳ᠋·ᠲᠦᠮᠡᠠᠰᠠᠩ
ᠮᠤᠳᠤ ᠦᠭᠡᠶ ᠠᠢ᠌ᠯ
ᠨᠤᠳᠤᠭᠰᠢᠭᠰᠠᠨ ᠭᠠᠵᠠᠷ ᠲᠤ ᠪᠠᠨ
ᠮᠤᠳᠤ ᠦᠭᠡᠶ ᠠᠢ᠌ᠯ
ᠨᠤᠵᠤᠭᠤᠷᠠᠭᠰᠠᠨ ᠰᠤᠭᠳᠤᠭᠤ ᠶᠢᠨ
ᠴᠢᠷᠠᠢ ᠰᠢᠭ ᠴᠢᠯᠳᠠᠢ᠌ᠨᠠ
ᠨᠤᠭᠤᠭᠠᠷᠠᠭᠰᠠᠨ ᠳᠡᠯᠡᠭᠡᠢ ᠵᠤᠨ ᠶᠢᠡᠨ
ᠳᠠᠭᠤᠯᠠᠨ ᠪᠠᠢ᠌ᠬᠤ ᠳᠤ
ᠨᠤᠬᠠᠢ᠌ᠷᠠᠭᠰᠠᠨ ᠡᠨᠡ ᠠᠢ᠌ᠯ ᠯᠠ
ᠬᠤᠪᠠᠬᠠᠢ ᠡᠪᠦᠯ ᠶᠢᠡᠷ ᠶᠢᠡᠨ
ᠶᠠᠭᠤ ᠪᠦᠭᠦᠨ ᠡᠴᠡ ᠨᠢ
ᠭᠠᠯ ᠭᠠᠷᠬᠤ ᠰᠢᠭ
ᠶᠠᠷᠤ ᠪᠣᠰᠤ ᠶᠢᠨ
ᠬᠠᠷᠠᠰᠠᠯᠳᠤ ᠥᠵᠡᠭ᠍ᠳᠡᠯ ᠰᠢᠭ᠌
ᠶᠠᠰᠢᠨ ᠭᠠᠯᠪᠠ ᠶᠢᠨ
ᠡᠵᠡᠭᠦᠢ ᠪᠠᠭᠤᠴᠠ ᠡᠴᠡ
ᠢᠯᠭᠠᠭᠳᠠᠬᠤ ᠵᠣᠢ᠌ᠯ
ᠠᠯᠠᠭ᠎ᠠ ᠴᠤ ᠶᠤᠮ ᠰᠢᠭ
ᠥᠭᠦᠭ᠍ᠰᠡᠨ ᠣᠠᠳᠠᠭᠰᠠᠨ ᠨᠢ
ᠳᠤᠳᠤ ᠦᠭᠡᠶ
ᠡᠪᠡᠳᠴᠢᠨ ᠳᠤ ᠪᠣᠭᠤᠭᠳᠠᠭᠰᠠᠨ ᠮᠠᠳᠤ
ᠥᠭᠡᠳᠡ ᠦᠭᠡᠶ
ᠡᠭᠦᠳᠡ ᠨᠢ ᠡᠭᠡᠭᠡ ᠯᠠ
ᠵᠤᠷᠠᠮ᠎ᠠ ᠶᠢᠨ ᠨᠥᠭᠡ ᠮᠠᠳᠤ ᠣᠩᠭ᠋ᠣᠢ᠌ᠵᠤ
ᠡᠭᠦᠯᠡ ᠡᠳᠡᠨ ᠤ ᠭᠢ ᠡᠴᠡ
ᠵᠤᠷᠪᠣᠰᠬᠠᠨ ᠰᠡᠭᠦᠳᠡᠷ ᠶᠢᠡᠨ ᠬᠠᠷᠠᠮᠯᠠᠨ᠎ᠠ
ᠦᠨᠦᠴᠢᠨ ᠭᠠᠭᠴᠠ ᠡᠨᠡ ᠯᠠ ᠠᠢ᠌ᠯ
ᠭᠦᠭᠡᠷᠦᠭᠦᠢ ᠳ᠋ᠠ ᠭᠦᠭᠡᠷᠦᠭᠦᠢ
ᠦᠩ ᠲᠡᠶ ᠵᠢᠯ ᠶᠢᠡᠷ
ᠭᠠᠩᠳᠠᠴᠢᠬᠠᠭᠰᠠᠨ ᠬᠠᠷᠠᠭᠳᠠᠨ᠎ᠠ
ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ