ᠨᠡᠪᠲᠡᠷᠡᠨ ᠤᠷᠤᠬᠤ
ᠡᠭᠡ ᠣᠷᠤᠨ᠂ ᠡᠵᠢ

ᠵᠤᠤᠬᠠᠨ ᠳᠤ ᠮᠠᠨᠠᠭᠳᠠᠭᠰᠠ ᠠᠷᠭᠠᠯ ᠣᠩᠭ᠋ᠤᠰ ᠣᠩᠭ᠋ᠤᠰ ᠨᠤᠴᠤᠬᠤ ᠳ᠋ᠤ

ᠣᠴᠢᠷᠯᠠᠵᠤ ᠵᠤᠪᠠᠭᠰᠠᠨ ᠡᠵᠢ ᠮᠢᠨᠢ ᠰᠡᠳᠭᠢᠯ ᠣᠶᠠᠷᠳᠠᠭ ᠪᠠᠢ᠌ᠭᠰᠠᠨ

ᠬᠠᠪᠣᠷ ᠲᠤ ᠮᠠᠨᠠᠭᠳᠠᠭᠰᠠᠨ ᠳᠠᠯ᠎ᠠ ᠬᠠᠭᠳᠠᠷᠠᠨ ᠬᠠᠭᠳᠠᠷᠠᠨ ᠨᠡᠭᠦᠭᠦ ᠳ᠋ᠤ

ᠬᠠᠴᠢᠷᠬᠠᠵᠤ ᠰᠤᠨᠢᠷᠬᠠᠭᠰᠠᠨ ᠮᠢᠨᠤ ᠰᠡᠳᠭᠢᠯ ᠡᠮᠵᠡᠭᠯᠡᠳᠡᠭ᠌ ᠪᠠᠢ᠌ᠭᠰᠠᠨ


ᠡᠩᠬᠦᠷᠡᠢ᠌ᠯᠡᠵᠤ ᠬᠠᠢ᠌ᠷᠠᠯᠠᠳᠠᠭ ᠡᠵᠢ ᠲᠡᠶ ᠳᠠᠭᠠᠨ ᠪᠢ

ᠡᠩᠭᠡ ᠡᠷᠡᠭᠦᠯ ᠶᠢᠡᠷ ᠳᠤᠷᠨᠢᠨ ᠦᠰᠴᠤ ᠴᠢᠳᠠᠵᠠᠢ ᠭᠦ᠋

ᠡᠷᠭᠡᠯᠡᠵᠤ ᠳᠤᠭᠯᠠᠳᠠᠭ ᠡᠭᠡ ᠣᠷᠤᠨ ᠲᠡᠶ ᠳᠠᠭᠠᠨ ᠪᠢ

ᠡᠵᠡᠨ ᠭᠦᠮᠤᠨ ᠤ ᠶᠤᠰᠤᠭᠠᠷ ᠣᠬᠠᠭᠠᠷᠠᠨ ᠦᠰᠴᠤ ᠳᠠᠢ᠌ᠯᠵᠠᠢ ᠭᠦ᠋


ᠭᠢᠯᠭᠠᠰᠤ᠂ ᠳᠡᠮᠡᠭᠡᠨ ᠣᠩᠭ᠋ᠤᠰᠤ᠂ ᠢᠰᠡᠭᠡᠢ ᠲᠡᠶ ᠵᠠᠭᠤᠷᠠᠯᠳᠤᠭᠰᠠᠨ

ᠬᠠᠮᠳᠤ ᠶᠢᠨ ᠲᠦᠯᠦᠭᠡ ᠪᠠᠶ᠎ᠠ ᠪᠠᠨ ᠴᠢᠯᠡᠭᠡᠭ᠍ᠰᠡᠨ ᠪᠦᠰᠡᠭᠦᠢ ᠮᠢᠨᠤ ᠡᠵᠢ

ᠬᠤᠧᠨ᠂ ᠴᠠᠭᠠᠨ᠂ ᠬᠠᠷ᠎ᠠ ᠴᠤᠪᠣᠷᠠᠭ᠎ᠠ ᠭᠤᠷᠪᠠᠨ ᠳᠤᠯᠤᠭᠠᠢ

ᠣᠨᠠᠭᠠᠨ ᠪᠠᠭ᠎ᠠ ᠶᠢᠨ ᠪᠠᠶᠠᠰᠤᠯ ᠳᠦᠷᠦᠭᠦᠯᠦᠭ᠍ᠰᠡᠨ ᠮᠢᠨᠤ ᠡᠭᠡ ᠣᠷᠤᠨ


ᠥᠭᠡᠷᠴᠢᠨ᠂ ᠬᠤᠨᠢᠴᠢᠨ᠂ ᠡᠭᠡ ᠪᠠᠷᠢᠶᠠᠴᠢ ᠳᠤ ᠰᠢᠯᠭᠠᠷᠠᠭᠰᠠᠨ

ᠦᠨᠦᠴᠢᠨ ᠪᠠᠯᠪᠠᠰᠤᠨ ᠪᠣᠷᠤᠭᠵᠢᠭᠤᠨ ᠪᠦᠰᠡᠭᠦᠢ ᠮᠢᠨᠤ ᠡᠵᠢ

ᠳᠦᠭᠦᠮ᠂ ᠪᠢᠯᠢᠭᠦᠭᠡ᠂ ᠱᠠᠤᠳᠤ ᠶᠢᠨ ᠥᠶ‍ᠦᠭ᠌ ᠨᠥᠮᠦᠷᠢᠯᠢᠭ᠌ ᠳᠤᠯᠠᠭᠠᠨ ᠪᠠᠭᠤᠴᠠ

ᠳᠠᠩᠭᠢᠯ ᠵᠠᠯᠠᠭᠤ ᠶᠢᠨ ᠳᠤᠷᠠᠳᠬᠠᠯ ᠬᠠᠢ᠌ᠷᠠᠯᠠᠭᠰᠠᠨ ᠮᠢᠨᠤ ᠡᠭᠡ ᠣᠷᠤᠨ


ᠭᠢᠯᠢᠰ ᠭᠡᠷᠡᠭ᠌ ᠤᠨ ᠴᠤᠭᠢᠯᠳᠠ ᠳᠤ ᠭᠦᠯ ᠨᠢᠴᠦᠭᠦᠨ ᠶᠢᠡᠷ ᠳᠡᠮᠡᠭᠡ ᠣᠨᠤᠭᠰᠠᠨ ᠭᠦᠮᠤᠨ ᠳ᠋ᠤ

ᠡᠪᠦᠯ ᠤᠨ ᠰᠦᠨᠢ ᠦᠨᠳᠦᠷ ᠪᠣᠷᠤ ᠡᠴᠠ ᠳᠠᠷᠭᠤᠨ ᠭᠦᠷᠭᠦ ᠭᠤᠴᠢᠨ ᠭᠠᠵᠠᠷ ᠳᠠᠭᠤᠭᠳᠠᠭᠰᠠᠨ ᠮᠢᠨᠤ ᠡᠵᠢ

ᠦᠷᠤᠴᠠ ᠪᠠᠨ ᠨᠡᠭᠡᠭᠡᠯᠭᠡᠵᠤ᠂ ᠵᠢᠷᠦᠭᠡ ᠪᠠᠨ ᠰᠤᠭᠤᠯᠠᠭᠤᠯᠤᠭᠰᠠᠨ ᠪᠣᠷᠤ ᠦᠨᠳᠦᠷ ᠣᠪᠣᠭ᠎ᠠ

ᠡᠯᠢᠭᠡᠨ ᠬᠠᠢ᠌ᠷ᠎ᠠ ᠶᠢᠨ ᠭᠡᠰᠢᠭ᠌ ᠶᠢᠡᠨ ᠬᠤᠷᠣᠢ᠌ᠯᠠᠭᠰᠠᠨ ᠮᠢᠨᠤ ᠡᠭᠡ ᠣᠷᠤᠨ


ᠭᠦᠤ ᠮᠢᠨᠢ ᠣᠮᠪᠣᠯ ᠭᠦᠤ ᠭᠡᠦᠭᠡᠨ ᠲᠡᠶ ᠮᠢᠨᠢ ᠢᠷᠡᠭᠦ ᠪᠣᠢ ᠭᠡᠵᠤ

ᠭᠦᠳᠡᠭᠡ ᠳᠡᠭᠡᠨ ᠰᠠᠭᠤᠵᠤ ᠭᠦᠯᠢᠶᠡᠭ᠍ᠰᠡᠨ ᠭᠦᠭ᠍ᠰᠢᠨ ᠮᠢᠨᠤ ᠡᠵᠢ

ᠵᠡᠭᠡᠯᠢ᠂ ᠵᠠᠮ᠂ ᠭᠤᠳᠤᠮᠵᠢ ᠨᠢ ᠰᠡᠳᠭᠢᠯ ᠤᠨ ᠵᠠᠢ ᠳᠤ ᠳᠡᠨᠢᠭᠦᠭᠡᠨ

ᠣᠢ᠌ᠯᠠᠰ ᠤᠨ ᠬᠠᠷᠭᠤᠢ ᠰᠠᠢ᠌ᠬᠠᠠᠳᠠᠯ᠎ᠠ ᠪᠠᠯᠭᠠᠰᠤ ᠮᠢᠨᠤ ᠡᠭᠡ ᠤᠷᠤᠨ


ᠡᠭᠡ ᠣᠷᠤᠨ᠂ ᠡᠵᠢ ᠬᠤᠶᠠᠷ ᠦᠨᠡᠨ ᠠᠳᠠᠯᠢᠬᠠᠨ

ᠠᠮᠢᠨ ᠭᠦᠰᠡᠯ ᠤᠨ ᠦᠮᠴᠢ ᠳᠤᠰᠢᠶᠠᠭᠴᠢ ᠶᠢᠨ ᠨᠢᠭᠡᠨ

ᠡᠩᠭᠡᠷ ᠲᠡᠭᠡᠨ ᠪᠦᠭᠡᠴᠡᠢ᠌ᠯᠡᠭ᠍ᠳᠡᠭᠦ ᠬᠡᠦᠬᠡᠳ ᠶᠢᠡᠨ ᠭᠡᠭ᠍ᠰᠡᠭᠡᠷ

ᠡᠭᠡ ᠣᠷᠤᠨ᠂ ᠡᠵᠢ ᠮᠢᠨᠢ ᠪᠣᠭᠤᠷᠤᠯ ᠳᠡᠦᠭᠡ ᠪᠣᠯᠵᠤ ᠬᠤᠴᠤᠷᠠᠯ᠎ᠠ


                        ᠰᠠᠢ᠌ᠬᠠᠠᠳᠠᠯ᠎ᠠ ᠪᠠᠯᠭᠠᠰᠤᠨ᠎ᠠ

                        2014.1.23


ᠵᠤᠬᠢᠶᠠᠭᠴᠢ ᠶᠢᠨ ᠬᠠ‍‌ᠶᠢᠭ ᠄ ᠪᠠᠷᠠᠭᠤᠨ ᠰᠦᠨᠢᠳ ᠬᠤᠰᠢᠭᠤ

ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 15440
ᠴᠠᠭ᠄ 2014 ᠤᠨ ᠤ 01 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ