ᠨᠡᠪᠲᠡᠷᠡᠨ ᠤᠷᠤᠬᠤ
ᠭᠦᠳᠡᠭᠡ ᠳᠡᠭᠡᠨ ᠰᠢᠨᠡᠯᠡᠭᠦ ᠰᠠᠢ᠌ᠬᠠᠨ

ᠭᠦᠭᠡ ᠮᠤᠩᠭ᠋ᠤᠯ ᠤᠨ ᠶᠤᠰᠤ ᠪᠠᠷ

ᠭᠦᠳᠡᠭᠡ ᠳᠡᠭᠡᠨ ᠰᠢᠨᠡᠯᠡᠭᠦ ᠰᠠᠢ᠌ᠬᠠᠨ

ᠭᠦᠮᠤᠨ ᠠᠷᠠᠤᠨ ᠤᠨ ᠰᠡᠳᠭᠢᠯ

ᠭᠦᠭ᠍ᠵᠢᠨ ᠪᠠᠶᠠᠰᠬᠤ ᠰᠠᠢ᠌ᠬᠠᠨ


ᠭᠡᠢ᠌ᠮᠦᠷᠢ ᠰᠦᠯᠳᠡ ᠪᠠᠨ ᠳᠠᠭᠢᠵᠤ

ᠰᠠᠩ ᠳᠠᠯᠪᠢᠬᠤ ᠰᠠᠢ᠌ᠬᠠᠨ

ᠭᠡᠰᠢᠭ᠌ ᠪᠣᠶᠠᠨ ᠬᠤᠷᠣᠢ᠌ᠯᠠᠵᠤ

ᠰᠠᠴᠤᠯᠢ ᠡᠷᠭᠦᠭᠦ ᠰᠠᠢ᠌ᠬᠠᠨ


ᠭᠦᠵᠢ ᠵᠤᠯᠠ ᠪᠠᠨ ᠠᠰᠠᠭᠠᠵᠤ

ᠰᠥᠰᠦᠭᠯᠡᠨ ᠵᠠᠯᠪᠠᠷᠢᠬᠤ ᠰᠠᠢ᠌ᠬᠠᠨ

ᠭᠦᠭᠦᠷ ᠬᠠᠳᠠᠭ ᠶᠢᠡᠨ ᠳᠠᠳᠠᠵᠤ

ᠰᠥᠭᠦᠷᠤᠨ ᠮᠥᠷᠭᠦᠭᠦ ᠰᠠᠢ᠌ᠬᠠᠨ


ᠮᠤᠩᠭ᠋ᠤᠯ ᠣᠷᠳᠤ ᠳᠡᠷᠯᠢᠭ᠌ ᠵᠢᠠᠨ

ᠡᠮᠦᠰᠴᠤ ᠭᠠᠢ᠌ᠬᠠᠭᠤᠯᠬᠤ ᠰᠠᠢ᠌ᠬᠠᠨ

ᠮᠤᠩᠭ᠋ᠤᠯ ᠣᠷᠳᠤ ᠶᠢᠨ ᠳᠠᠭᠤᠤ ᠪᠠᠨ

ᠡᠭᠡᠰᠢᠭᠯᠡᠵᠤ ᠣᠶᠠᠩᠭ᠋ᠠᠯᠠᠬᠤ ᠰᠠᠢ᠌ᠬᠠᠨ


ᠠᠬᠠᠮᠠᠤᠨ ᠨᠠᠰᠤᠳᠠᠨ ᠳᠠᠭᠠᠨ ᠮᠥᠷᠭᠦᠵᠤ

ᠢᠷᠦᠭᠡᠯ ᠰᠤᠨᠤᠰᠬᠤ ᠰᠠᠢ᠌ᠬᠠᠨ

ᠠᠵᠢᠯ ᠣᠢ᠌ᠯᠠᠰ ᠶᠢᠡᠨ ᠵᠥᠩᠨᠡᠭᠦᠯᠵᠤ

ᠢᠳᠡᠭᠡᠯ ᠨᠡᠮᠡᠷᠢᠯᠡᠭᠦ ᠰᠠᠢ᠌ᠬᠠᠨ


ᠠᠢ᠌ᠮᠠᠭ ᠰᠠᠭᠠᠭᠠᠯᠳᠠ ᠬᠤᠭᠤᠷᠤᠠᠳᠤ ᠪᠠᠨ

ᠠᠢ᠌ᠯᠴᠢᠯᠠᠵᠤ ᠳᠤᠭᠤᠷᠢᠬᠤ ᠰᠠᠢ᠌ᠬᠠᠨ

ᠠᠮᠤᠷ ᠮᠠᠠᠳᠤ ᠠᠰᠠᠭᠤᠯᠴᠠᠨ

ᠠᠭᠤᠯᠵᠠᠨ ᠵᠤᠯᠭᠠᠬᠤ ᠰᠠᠢ᠌ᠬᠠᠨ


ᠬᠤᠳᠠᠯᠠᠷ ᠳᠠᠶᠠᠭᠠᠷ ᠴᠤᠭᠯᠠᠷᠠᠵᠤ

ᠨᠠᠷᠭᠢᠵᠤ ᠰᠠᠭᠤᠬᠤ ᠰᠠᠢ᠌ᠬᠠᠨ

ᠬᠤᠠᠳᠠᠭᠠᠳᠤ ᠰᠠᠷᠬᠤᠤᠨ ᠶᠢᠡᠨ ᠭᠡᠮᠨᠡᠵᠤ

ᠨᠠᠢ᠌ᠷᠠᠯᠠᠵᠤ ᠰᠠᠭᠤᠬᠤ ᠰᠠᠢ᠌ᠬᠠᠨ


ᠥᠷᠯᠦᠭ᠌ ᠦᠨᠳᠦᠰᠦᠳᠠᠨ ᠤ ᠪᠠᠨ ᠰᠤᠶᠤᠯ ᠢ

ᠦᠮᠴᠢᠯᠠᠵᠤ ᠳᠡᠯᠭᠡᠷᠡᠭᠦᠯᠭᠦ ᠰᠠᠢ᠌ᠬᠠᠨ

ᠦᠰᠪᠦᠷᠢ ᠪᠠᠭ᠎ᠠ ᠶᠢᠨ ᠳᠡᠭᠦᠦᠨᠡᠷ ᠳᠡᠭᠡᠨ

ᠦᠪᠯᠠᠵᠤ ᠥᠯᠡᠳᠡᠭᠡᠭᠦ ᠰᠠᠢ᠌ᠬᠠᠨ


ᠳᠡᠭᠡᠳᠦᠰ ᠤᠨ ᠰᠠᠢ᠌ᠬᠠᠨ ᠵᠠᠩᠰᠢᠯ ᠵᠢᠠᠨ

ᠳᠡᠭᠡᠳᠦᠯᠡᠵᠤ ᠶᠠᠪᠣᠬᠤ ᠰᠠᠢ᠌ᠬᠠᠨ

ᠳᠡᠯᠭᠡᠷ ᠬᠠᠩᠭ᠋ᠠᠢ ᠨᠤᠳᠤᠭ ᠵᠢᠠᠨ

ᠳᠡᠯᠡᠭᠡᠢ ᠳᠤ ᠠᠯᠳᠠᠷᠰᠢᠭᠤᠯᠬᠤ ᠰᠠᠢ᠌ᠬᠠᠨ


ᠭᠦᠭᠡ ᠮᠤᠩᠭ᠋ᠤᠯ ᠤᠨ ᠶᠤᠰᠤ ᠪᠠᠷ

ᠭᠦᠳᠡᠭᠡ ᠳᠡᠭᠡᠨ ᠰᠢᠨᠡᠯᠡᠭᠦ ᠰᠠᠢ᠌ᠬᠠᠨ

ᠭᠦᠭ᠍ᠵᠢᠯᠳᠤ ᠨᠤᠳᠤᠭ ᠤᠨ ᠬᠤᠪᠢᠷᠠᠯᠳᠠ ᠵᠢ

ᠭᠦᠦᠷᠨᠢᠵᠤ ᠰᠢᠯᠦᠭᠯᠡᠭᠦ ᠰᠠᠢ᠌ᠬᠠᠨ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠤ᠋·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2633
ᠴᠠᠭ᠄ 2010 ᠤᠨ ᠤ 02 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ