☆ ᠰᠣ᠊·ᠦᠨᠡᠠᠴᠢ
ᠭᠦᠯᠢᠶᠡᠯᠳᠡ
ᠭᠦᠪᠴᠢᠨ ᠳᠡᠯᠡᠭᠡᠢ ᠭᠦᠰᠡᠯ ᠶᠢᠡᠷ ᠪᠢᠯᠬᠠᠵᠤ
ᠭᠦᠤ ᠶᠢᠨ ᠰᠡᠳᠭᠢᠯ ᠭᠦᠪᠪᠦᠯᠵᠡᠭᠡᠳ ᠪᠠᠢ᠌ᠨ᠎ᠠ
ᠭᠦᠭᠡᠷᠦᠭᠦᠨ ᠬᠤᠩᠭ᠋ᠤᠷ ᠦᠬᠢᠨ ᠴᠢᠮ᠎ᠠ ᠪᠠᠨ
ᠭᠦᠷᠦᠭᠡᠳ ᠢᠷᠠᠨ᠎ᠡ ᠭᠡᠵᠤ ᠭᠦᠯᠢᠶᠡᠭᠡᠳ ᠪᠠᠢ᠌ᠨ᠎ᠠ
ᠬᠠᠨ ᠳᠡᠯᠡᠭᠡᠢ ᠢᠳᠡᠭᠡᠯ ᠶᠢᠡᠷ ᠴᠠᠯᠭᠢᠵᠤ
ᠬᠠᠯᠠᠭᠤᠨ ᠬᠠᠢ᠌ᠷ᠎ᠠ ᠢᠪᠢᠯᠦᠭᠡᠳ ᠪᠠᠢ᠌ᠨ᠎ᠠ
ᠬᠠᠢ᠌ᠷᠠᠳᠤ ᠬᠤᠩᠭ᠋ᠤᠷ ᠦᠬᠢᠨ ᠴᠢᠮ᠎ᠠ ᠪᠠᠨ
ᠬᠠᠷᠢᠭᠠᠤᠨ ᠢᠷᠠᠨ᠎ᠡ ᠭᠡᠵᠤ ᠭᠦᠯᠢᠶᠡᠭᠡᠳ ᠪᠠᠢ᠌ᠨ᠎ᠠ
ᠠᠯᠠᠭ ᠬᠤᠷᠸ᠎ᠠ ᠳᠠᠭᠤᠤ ᠪᠠᠷ ᠣᠶᠠᠩᠭ᠋ᠠᠷᠠᠵᠤ
ᠠᠶᠤᠤᠯᠢᠬᠠᠢ ᠵᠢᠷᠦᠭᠡ ᠳᠤᠭᠳᠤᠯᠤᠭᠠᠤᠨ ᠪᠠᠢ᠌ᠨ᠎ᠠ
ᠠᠮᠠᠷᠠᠭ ᠬᠤᠩᠭ᠋ᠤᠷ ᠦᠬᠢᠨ ᠴᠢᠮ᠎ᠠ ᠪᠠᠨ
ᠠᠭᠢᠭᠠᠤᠨ ᠢᠷᠠᠨ᠎ᠡ ᠭᠡᠵᠤ ᠭᠦᠯᠢᠶᠡᠭᠡᠳ ᠪᠠᠢ᠌ᠨ᠎ᠠ
ᠪᠣᠭᠤᠷᠤᠯ ᠬᠤᠷᠸ᠎ᠠ ᠨᠠᠢ᠌ᠷᠠᠭ ᠶᠢᠡᠷ ᠴᠡᠯᠭᠡᠷᠡᠵᠤ
ᠪᠣᠰᠤᠭ᠎ᠠ ᠵᠢᠷᠦᠭᠡ ᠪᠣᠯᠭᠢᠯᠠᠭᠠᠤᠨ ᠪᠠᠢ᠌ᠨ᠎ᠠ
ᠪᠣᠯᠪᠠᠷᠠᠢ ᠬᠤᠩᠭ᠋ᠤᠷ ᠦᠬᠢᠨ ᠴᠢᠮ᠎ᠠ ᠪᠠᠨ
ᠪᠣᠴᠠᠭᠠᠤᠨ ᠢᠷᠠᠨ᠎ᠡ ᠭᠡᠵᠤ ᠭᠦᠯᠢᠶᠡᠭᠡᠳ ᠪᠠᠢ᠌ᠨ᠎ᠠ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ
ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2009 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ