ᠨᠡᠪᠲᠡᠷᠡᠨ ᠤᠷᠤᠬᠤ
ᠬᠤᠷᠴᠢᠨ ᠠᠷᠠᠤᠨ ᠤᠨ ᠳᠠᠭᠤᠤ

ᠬᠤᠷᠴᠢᠨ ᠠᠷᠠᠤᠨ ᠤᠨ ᠳᠠᠭᠤᠤ ᠳᠤ ᠴᠡᠷᠢᠭ᠌ ᠤᠨ ᠳᠠᠭᠤᠤ ᠣᠯᠠᠨ ᠪᠣᠢ᠃ ᠣᠷᠳᠤ ᠶᠢᠨ ᠳᠠᠭᠤᠤ 《ᠦᠨᠳᠦᠷ ᠵᠥᠭᠦᠢ》 ᠪᠣᠯ ᠪᠠᠭᠠᠳᠤᠷ ᠡᠷ᠎ᠡ ᠶᠢᠨ ᠨᠤᠳᠤᠭ ᠶᠢᠡᠨ ᠰᠠᠨᠠᠭᠰᠠᠨ ᠨᠢᠭᠡ ᠪᠠᠳᠠᠭ ᠨᠡᠢ᠌ᠳᠡᠯᠢᠭ᠌ ᠳᠠᠭᠤᠤ ᠮᠦᠨ᠃

ᠠᠩᠬᠠᠷᠠᠭᠤᠰᠢᠳᠠᠢ ᠨᠢ 《ᠦᠨᠳᠦᠷ ᠵᠥᠭᠦᠢ》 ᠳᠠᠭᠤᠤ ᠶᠢᠨ ᠥᠭᠡᠨ ᠳᠤ ᠴᠢᠩᠭᠢᠰ ᠬᠠᠭᠠᠨ ᠢ ᠳᠤᠳᠤᠷᠬᠠᠢ ᠳᠤᠷᠠᠳᠤᠭᠰᠠᠨ ᠶᠤᠮ᠂ ᠡᠢ᠌ᠮᠤ ᠡᠴᠠ ᠮᠤᠩᠭ᠋ᠤᠯ ᠬᠠᠭᠠᠠᠳᠤ ᠣᠯᠤᠰ ᠤᠨ ᠠᠩᠬᠠᠨ ᠤ ᠦᠶ᠎ᠡ ᠶᠢᠨ ᠳᠠᠭᠤᠤ ᠪᠠᠢ᠌ᠬᠤ ᠶᠤᠰᠤᠳᠠᠢ᠃

ᠠᠶ᠎ᠠ ᠡᠴᠠ ᠨᠢ ᠰᠢᠡᠵᠢᠭᠦ ᠳᠤ ᠣᠨ ᠵᠢᠯ ᠨᠢ ᠳᠠᠢ᠌ᠮᠤ ᠡᠷᠳᠡᠨ ᠤ ᠪᠢᠰᠢ ᠮᠠᠳᠤ᠂ ᠠᠶ᠎ᠠ ᠨᠢ ᠪᠠᠷᠤᠭ ᠣᠯᠠᠮᠵᠢᠯᠠᠬᠤ ᠶᠠᠪᠣᠴᠠ ᠳᠤ ᠨᠠᠯᠢᠶᠠᠤᠨ ᠶᠡᠭᠡ ᠬᠤᠪᠢᠷᠠᠯᠳᠠ ᠭᠠᠷᠤᠭᠰᠠᠨ ᠪᠠᠢ᠌ᠵᠤ ᠮᠠᠳᠠᠨ᠎ᠡ᠃


          ᠦᠨᠳᠦᠷ ᠵᠥᠭᠦᠢ


ᠦᠨᠳᠦᠷ ᠵᠥᠭᠦᠢ ᠶᠢᠨ ᠰᠢᠯᠢ ᠳᠡᠭᠡᠷ᠎ᠡ

ᠣᠨᠢᠶᠠᠷ ᠮᠠᠨᠠᠨ ᠳᠠᠳᠠᠨ᠎ᠠ

ᠦᠷᠭᠦᠯᠵᠢᠳᠡ ᠰᠠᠭᠤᠬᠤᠯᠠᠷ

ᠶᠠᠭᠠᠭᠢᠭᠰᠠᠨ ᠰᠠᠢ᠌ᠬᠠᠨ ᠨᠤᠳᠤᠭ ᠪᠣᠢ

     ᠴᠡᠭᠡᠯ ᠤᠨ ᠭᠦᠨ ᠨᠠᠭᠤᠷ ᠲᠤ

     ᠴᠡᠷᠢᠭ᠌ ᠤᠨ ᠣᠨᠤᠭ᠎ᠠ ᠣᠮᠳᠠ ᠳᠠᠢ

     ᠴᠡᠯᠭᠡᠷ ᠬᠤᠷᠴᠠ ᠨᠠᠷᠠᠨ ᠤ ᠭᠡᠷᠡᠯ ᠳ᠋ᠤ

     ᠴᠢᠷᠠᠢ ᠵᠢᠰᠤ ᠮᠢᠨᠢ ᠠᠶᠠᠰᠢᠨ᠎ᠠ

ᠭᠦᠷᠡᠩ ᠡᠷᠢᠶᠡᠨ ᠨᠤᠮᠤ ᠮᠢᠨᠢ

ᠭᠦᠪᠴᠢᠷᠭᠡᠨ ᠡᠴᠠ ᠪᠠᠨ ᠭᠠᠵᠢᠶᠠᠨ ᠳᠠᠢ

ᠭᠦᠮᠤᠨ ᠤ ᠭᠠᠭᠴᠠ ᠦᠷ᠎ᠡ ᠴᠢᠨᠢ

ᠰᠡᠳᠭᠢᠯ ᠡᠴᠠ ᠪᠠᠨ ᠣᠶᠠᠷᠠᠭᠠᠨ ᠳᠠᠢ

     ᠬᠠᠷ᠎ᠠ ᠡᠷᠢᠶᠡᠨ ᠨᠤᠮᠤ ᠮᠢᠨᠢ

     ᠬᠠᠰᠢᠷ ᠡᠴᠠ ᠪᠠᠨ ᠭᠠᠵᠢᠶᠠᠨ ᠳᠠᠢ

     ᠬᠠᠷᠠᠴᠤ ᠶᠢᠨ ᠪᠠᠭ᠎ᠠ ᠦᠷ᠎ᠡ ᠴᠢᠨᠢ

     ᠰᠡᠳᠭᠢᠯ ᠡᠴᠠ ᠪᠠᠨ ᠣᠶᠠᠷᠠᠭᠠᠨ ᠳᠠᠢ

ᠶᠠᠳᠠᠷᠠᠵᠤ ᠪᠠᠢ᠌ᠬᠤ ᠮᠤᠷᠢᠨ ᠳ᠋ᠤ

ᠶᠠᠷᠭᠠᠢ ᠳᠠᠰᠢᠭᠤᠷ ᠭᠦᠡᠳᠤ ᠯᠠ ᠪᠠᠢ᠌ᠨ᠎ᠠ

ᠶᠠᠭᠠᠷᠠᠵᠤ ᠪᠠᠢ᠌ᠭ᠎ᠠ ᠪᠠᠶ᠎ᠠ ᠳᠤ ᠮᠢᠨᠢ

ᠶᠠᠭᠠᠭᠢᠭᠰᠠᠨ ᠬᠤᠯᠠ ᠭᠠᠵᠠᠷ ᠪᠣᠢ

     ᠪᠣᠷᠤ ᠬᠠᠳᠠᠨ ᠳᠠᠪᠠᠭ᠎ᠠ ᠶᠢ

     ᠪᠣᠷᠤᠯᠠᠬᠤ ᠨᠠᠷᠠ ᠯᠠᠷ ᠳᠠᠪᠠᠶ᠎ᠠ

     ᠪᠣᠭᠳᠠ ᠴᠢᠩᠭᠢᠰ ᠤᠨ ᠳᠦᠷᠤ ᠳᠡᠭᠡᠷ᠎ᠡ

     ᠪᠦᠭᠦᠨ ᠶᠢᠡᠷ ᠬᠠᠮᠳᠤ ᠵᠢᠷᠭᠠᠶ᠎ᠠ

ᠡᠷᠭᠢ ᠳᠤᠬᠤᠢ ᠶᠢᠨ ᠨᠤᠮᠤ ᠶᠢ

ᠡᠷᠭᠢᠭᠦ ᠵᠠᠮ ᠳᠠᠭᠠᠨ ᠨᠠᠮᠨᠠᠶ᠎ᠠ

ᠡᠵᠡᠨ ᠴᠢᠩᠭᠢᠰ ᠤᠨ ᠳᠦᠷᠤ ᠳᠡᠭᠡᠷ᠎ᠡ

ᠡᠩᠭᠡ ᠠᠮᠤᠷ ᠵᠢᠷᠭᠠᠶ᠎ᠠ


《ᠰᠢᠯᠢ ᠳᠡᠭᠡᠭᠦᠷ ᠪᠣᠳᠠᠯᠠᠩ ᠲᠡᠶ》᠂ 《ᠨᠡᠭᠦᠳᠡᠯ ᠤᠨ ᠳᠠᠭᠤᠤ》 ᠵᠡᠷᠭᠡ ᠬᠤᠷᠴᠢᠨ ᠠᠷᠠᠤᠨ ᠤᠨ ᠳᠠᠭᠤᠤ ᠨᠢ ᠬᠤᠷᠴᠢᠨ ᠠᠢ᠌ᠮᠠᠭ ᠤᠨ ᠳᠡᠦᠭᠡᠨ ᠳᠤ ᠶᠡᠭᠡ ᠭᠡᠪᠴᠢᠶ᠎ᠡ ᠪᠠᠷ ᠨᠡᠭᠦᠳᠡᠯᠯᠡᠭ᠍ᠰᠡᠨ ᠳᠡᠦᠭᠡ ᠶᠢᠨ ᠪᠣᠳᠠᠳᠤ ᠭᠡᠷᠡᠭ᠌ ᠢ ᠨᠠᠷᠢᠨ ᠪᠣᠳᠤᠯᠢᠶᠠᠨ ᠲᠡᠶ ᠪᠠᠷ ᠳᠤᠰᠬᠠᠵᠤ᠂ ᠬᠤᠵᠢᠮ ᠤᠨ ᠭᠦᠮᠦᠰ ᠲᠤ ᠬᠤᠪᠣᠷ ᠨᠠᠠᠳᠢᠨ ᠳᠤᠷᠠᠰᠤᠮᠵᠢ ᠭᠦᠷᠳᠡᠭᠡᠭ᠍ᠰᠡᠨ ᠶᠤᠮ᠃

  

     ᠰᠢᠯᠢ ᠳᠡᠭᠡᠭᠦᠷ ᠪᠣᠳᠠᠯᠠᠩ ᠲᠡᠶ


ᠰᠢᠯᠢ ᠳᠡᠭᠡᠭᠦᠷ ᠪᠣᠳᠠᠯᠠᠩ ᠲᠡᠶ

ᠰᠡᠷᠢᠭᠦᠨ ᠬᠠᠩᠭ᠋ᠠᠢ ᠨᠤᠳᠤᠭ ᠮᠢᠨᠢ

      ᠰᠠᠷᠠᠮᠵᠢᠯ ᠦᠭᠡᠶ ᠰᠠᠭᠤᠭᠰᠠᠭᠠᠷ

      ᠡᠳᠦᠢ ᠬᠤᠯᠠ ᠢᠷᠠᠯ᠎ᠠ ᠳ᠋ᠠ

ᠠᠯᠤᠰ ᠬᠤᠯᠠ ᠡᠴᠠ ᠪᠣᠳᠠᠯᠠᠩ ᠲᠡᠶ

ᠠᠷᠤ ᠬᠠᠩᠭ᠋ᠠᠢ ᠨᠤᠳᠤᠭ ᠮᠢᠨᠢ

      ᠠᠩᠬᠠᠷᠤᠯ ᠦᠭᠡᠶ ᠰᠠᠭᠤᠭᠰᠠᠭᠠᠷ

      ᠡᠳᠦᠢ ᠬᠤᠯᠠ ᠢᠷᠠᠯ᠎ᠠ ᠳ᠋ᠠ


        ᠨᠡᠭᠦᠳᠡᠯ ᠤᠨ ᠳᠠᠭᠤᠤ


ᠮᠠᠨ ᠤ ᠭᠦᠮᠤᠨ ᠨᠤᠳᠤᠭᠯᠠᠪᠠᠯ

ᠮᠠᠰᠢ ᠰᠠᠢ᠌ᠬᠠᠨ ᠣᠷᠤᠨ ᠪᠠᠢ᠌ᠨ᠎ᠠ

ᠮᠠᠷᠭᠠᠰᠢ ᠦᠷᠯᠦᠭᠡ ᠪᠣᠰᠤᠭᠠᠤᠨ ᠭᠠᠷᠪᠠᠯ

ᠮᠠᠨᠠᠨ ᠤ ᠴᠠᠭᠠᠭᠤᠷ ᠭᠦᠭᠡᠷᠡᠭᠡᠳ ᠪᠠᠢ᠌ᠨ᠎ᠠ

  

ᠦᠪᠡᠷ ᠤᠨ ᠭᠦᠮᠤᠨ ᠨᠤᠳᠤᠭᠯᠠᠪᠠᠯ

ᠥᠨᠡᠭᠡᠷ ᠰᠠᠢ᠌ᠬᠠᠨ ᠣᠷᠤᠨ ᠪᠠᠢ᠌ᠨ᠎ᠠ

ᠦᠷᠯᠦᠭᠡ ᠡᠷᠳᠡ ᠪᠣᠰᠤᠭᠠᠤᠨ ᠭᠠᠷᠪᠠᠯ

ᠣᠨᠢᠶᠠᠷ ᠤᠨ ᠴᠠᠭᠠᠭᠤᠷ ᠭᠦᠭᠡᠷᠡᠭᠡᠳ ᠪᠠᠢ᠌ᠨ᠎ᠠ


ᠵᠤᠬᠢᠶᠠᠭᠴᠢ ᠶᠢᠨ ᠬᠠ‍‌ᠶᠢᠭ ᠄ ᠠᠯᠠᠱᠠ ᠷᠠᠳᠢᠤ᠋ ᠬᠤᠷᠢᠶ᠎ᠠ

ᠵᠤᠬᠢᠶᠠᠭᠴᠢ᠄ ᠸᠠᠩᠴᠢᠨ ᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7457
ᠴᠠᠭ᠄ 2011 ᠤᠨ ᠤ 10 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ