ᠨᠡᠪᠲᠡᠷᠡᠨ ᠤᠷᠤᠬᠤ
ᠮᠤᠩᠭ᠋ᠤᠯᠴᠤᠳ ᠤᠨ ᠦᠶ᠎ᠡ ᠳᠠᠭᠤᠳᠠᠯᠭ᠎ᠠ ᠶᠢᠨ ᠳᠤᠬᠠᠢ

1. ᠡᠴᠢᠭᠡ ᠶᠢᠨ ᠳᠠᠯ᠎ᠠ ᠶᠢᠨ ᠲᠦᠷᠦᠯ ᠤᠨ ᠳᠠᠭᠤᠳᠠᠯᠭ᠎ᠠ

ᠡᠴᠢᠭᠡ ᠊᠊᠊᠊᠊᠊᠊᠊᠊᠊᠊᠊᠊᠊᠊ ᠠᠪᠣ᠃

ᠡᠭᠡ ᠊᠊᠊᠊᠊᠊᠊᠊᠊᠊᠊᠊᠊᠊᠊ ᠡᠵᠢ᠂ ᠮᠥᠮᠥ᠂ ᠡᠮᠧ᠃

ᠡᠪᠦᠭᠡ ᠊᠊᠊᠊᠊᠊᠊᠊᠊᠊᠊᠊᠊᠊᠊ ᠡᠴᠢᠭᠡ ᠶᠢᠨ ᠡᠴᠢᠭᠡ ᠨᠢ᠃

ᠡᠯᠦᠡᠴᠡ ᠡᠪᠦᠭᠡ ᠊᠊᠊᠊᠊᠊᠊᠊᠊᠊᠊᠊᠊᠊᠊ ᠡᠴᠢᠭᠡ ᠶᠢᠨ ᠡᠪᠦᠭᠡ᠃

ᠡᠯᠦᠡᠴᠡ ᠡᠮᠡᠭᠡ ᠊᠊᠊᠊᠊᠊᠊᠊᠊᠊᠊᠊᠊᠊᠊ ᠡᠴᠢᠭᠡ ᠶᠢᠨ ᠡᠮᠡᠭᠡ᠃

ᠬᠤᠯᠤᠠᠴᠠ ᠡᠪᠦᠭᠡ ᠊᠊᠊᠊᠊᠊᠊᠊᠊᠊᠊᠊᠊᠊᠊ ᠡᠪᠦᠭᠡ ᠶᠢᠨ ᠡᠪᠦᠭᠡ᠃

ᠬᠤᠯᠤᠠᠴᠠ ᠡᠮᠡᠭᠡ ᠊᠊᠊᠊᠊᠊᠊᠊᠊᠊᠊᠊᠊᠊᠊ ᠡᠪᠦᠭᠡ ᠶᠢᠨ ᠡᠮᠡᠭᠡ᠃

ᠡᠯᠤᠨ ᠡᠪᠦᠭᠡ ᠊᠊᠊᠊᠊᠊᠊᠊᠊᠊᠊᠊᠊᠊᠊ ᠡᠯᠦᠡᠴᠡ ᠶᠢᠨ ᠡᠪᠦᠭᠡ᠃

ᠡᠯᠤᠨ ᠡᠮᠡᠭᠡ ᠊᠊᠊᠊᠊᠊᠊᠊᠊᠊᠊᠊᠊᠊᠊ ᠡᠯᠦᠡᠴᠡ ᠡᠪᠦᠭᠡ ᠶᠢᠨ ᠡᠮᠡᠭᠡ᠃

ᠬᠤᠯᠤᠨ ᠡᠪᠦᠭᠡ ᠊᠊᠊᠊᠊᠊᠊᠊᠊᠊᠊᠊᠊᠊᠊ ᠬᠤᠯᠤᠠᠴᠠ ᠡᠪᠦᠭᠡ ᠶᠢᠨ ᠡᠪᠦᠭᠡ᠃

ᠬᠤᠯᠤᠨ ᠡᠮᠡᠭᠡ ᠊᠊᠊᠊᠊᠊᠊᠊᠊᠊᠊᠊᠊᠊᠊ ᠬᠤᠯᠤᠠᠴᠠ ᠡᠪᠦᠭᠡ ᠶᠢᠨ ᠡᠮᠡᠭᠡ᠃

ᠬᠤᠯᠪᠣᠭ᠎ᠠ ᠡᠪᠦᠭᠡ ᠊᠊᠊᠊᠊᠊᠊᠊᠊᠊᠊᠊᠊᠊᠊ ᠡᠯᠤᠨ ᠡᠪᠦᠭᠡ ᠶᠢᠨ ᠡᠪᠦᠭᠡ᠃

ᠬᠤᠯᠪᠣᠭ᠎ᠠ ᠡᠮᠡᠭᠡ ᠊᠊᠊᠊᠊᠊᠊᠊᠊᠊᠊᠊᠊᠊᠊ ᠡᠯᠤᠨ ᠡᠪᠦᠭᠡ ᠶᠢᠨ ᠡᠮᠡᠭᠡ᠃

ᠦᠨᠳᠦᠷ ᠡᠪᠦᠭᠡ ᠊᠊᠊᠊᠊᠊᠊᠊᠊᠊᠊᠊᠊᠊᠊ ᠬᠤᠯᠤᠨ ᠡᠪᠦᠭᠡ ᠶᠢᠨ ᠡᠪᠦᠭᠡ᠃

ᠦᠨᠳᠦᠷ ᠡᠮᠡᠭᠡ ᠊᠊᠊᠊᠊᠊᠊᠊᠊᠊᠊᠊᠊᠊᠊ ᠬᠤᠯᠤᠨ ᠡᠪᠦᠭᠡ ᠶᠢᠨ ᠡᠮᠡᠭᠡ᠃

ᠡᠪᠦᠭᠡ ᠳᠡᠭᠡᠳᠦᠰ ᠊᠊᠊᠊᠊᠊᠊᠊᠊᠊᠊᠊᠊᠊᠊ ᠶᠠᠰᠤ ᠮᠢᠬᠠᠨ ᠤ ᠲᠦᠷᠦᠯ ᠣᠭᠰᠠᠭ᠎ᠠ ᠶᠢ ᠡᠭᠦᠰᠭᠡᠭ᠍ᠰᠡᠨ ᠳᠡᠭᠡᠳᠤ ᠦᠶ᠎ᠡ ᠶᠢᠨ ᠭᠢᠨ ᠢ ᠵᠢᠭᠠᠨ᠎ᠠ᠃

2. ᠪᠠᠶ᠎ᠠ ᠡᠴᠠ ᠳᠤᠷᠤᠭᠰᠢᠭᠢ ᠦᠶ᠎ᠡ ᠲᠦᠷᠦᠯ ᠤᠨ ᠬᠤᠭᠤᠷᠤᠠᠳᠤᠭᠢ ᠳᠠᠭᠤᠳᠠᠯᠭ᠎ᠠ

ᠪᠠᠶ᠎ᠠ ᠊᠊᠊᠊᠊᠊᠊᠊᠊᠊᠊᠊᠊᠊᠊ ᠦᠪᠡᠷ ᠤᠨ ᠪᠠᠶ᠎ᠠ ᠶᠢ ᠵᠢᠭᠠᠪᠠ᠃

ᠪᠠᠷᠢ ᠊᠊᠊᠊᠊᠊᠊᠊᠊᠊᠊᠊᠊᠊᠊ ᠦᠪᠡᠷ ᠤᠨ ᠡᠭᠡᠨᠡᠷ᠃

ᠭᠦᠤ ᠊᠊᠊᠊᠊᠊᠊᠊᠊᠊᠊᠊᠊᠊᠊ ᠦᠪᠡᠷ ᠤᠨ ᠭᠦᠤ᠃

ᠭᠦᠤ ᠪᠠᠷᠢ ᠊᠊᠊᠊᠊᠊᠊᠊᠊᠊᠊᠊᠊᠊᠊ ᠭᠦᠤ ᠶᠢᠨ ᠡᠭᠡᠨᠡᠷ᠃

ᠣᠴᠢ (ᠣᠮᠪᠣᠯᠤ) ᠊᠊᠊᠊᠊᠊᠊᠊᠊᠊᠊᠊᠊᠊᠊ ᠭᠦᠤ ᠶᠢᠨ ᠭᠦᠤ᠃

ᠣᠴᠢ ᠪᠠᠷᠢ ᠊᠊᠊᠊᠊᠊᠊᠊᠊᠊᠊᠊᠊᠊᠊ ᠣᠴᠢ ᠶᠢᠨ ᠡᠭᠡᠨᠡᠷ᠃

ᠵᠢᠴᠢ (ᠳᠤᠮᠪᠣᠯᠤ) ᠊᠊᠊᠊᠊᠊᠊᠊᠊᠊᠊᠊᠊᠊᠊ ᠣᠴᠢ ᠶᠢᠨ ᠡᠭᠡᠨᠡᠷ᠃

ᠵᠢᠴᠢ ᠪᠠᠷᠢ ᠊᠊᠊᠊᠊᠊᠊᠊᠊᠊᠊᠊᠊᠊᠊ ᠵᠢᠴᠢ ᠭᠦᠤ ᠶᠢᠨ ᠪᠠᠷᠢ᠃

ᠵᠢᠴᠢᠠᠴᠢᠷ ᠭᠦᠤ ᠊᠊᠊᠊᠊᠊᠊᠊᠊᠊᠊᠊᠊᠊᠊ ᠵᠢᠴᠢ ᠭᠦᠤ ᠶᠢᠨ ᠭᠦᠤ᠃

ᠵᠢᠴᠢᠠᠴᠢᠷ ᠪᠠᠷᠢ ᠊᠊᠊᠊᠊᠊᠊᠊᠊᠊᠊᠊᠊᠊᠊ ᠵᠢᠴᠢᠠᠴᠢᠷ ᠭᠦᠤ ᠶᠢᠨ ᠡᠭᠡᠨᠡᠷ᠃

ᠭᠤᠴᠢ ᠭᠦᠤ ᠊᠊᠊᠊᠊᠊᠊᠊᠊᠊᠊᠊᠊᠊᠊ ᠵᠢᠴᠢᠠᠴᠢᠷ ᠶᠢᠨ ᠭᠦᠤ᠃

ᠭᠤᠴᠢ ᠪᠠᠷᠢ ᠊᠊᠊᠊᠊᠊᠊᠊᠊᠊᠊᠊᠊᠊᠊ ᠭᠤᠴᠢ ᠭᠦᠤ ᠶᠢᠨ ᠪᠠᠷᠢ᠃

ᠭᠤᠴᠢᠠᠴᠢᠷ ᠭᠦᠤ ᠊᠊᠊᠊᠊᠊᠊᠊᠊᠊᠊᠊᠊᠊᠊ ᠭᠤᠴᠢ ᠶᠢᠨ ᠭᠦᠤ᠃

ᠭᠤᠴᠢᠠᠴᠢᠷ ᠪᠠᠷᠢ ᠊᠊᠊᠊᠊᠊᠊᠊᠊᠊᠊᠊᠊᠊᠊ ᠭᠤᠴᠢᠠᠴᠢᠷ ᠭᠦᠤ ᠶᠢᠨ ᠪᠠᠷᠢ᠃

ᠵᠢᠭᠦ ᠭᠦᠤ ᠊᠊᠊᠊᠊᠊᠊᠊᠊᠊᠊᠊᠊᠊᠊ ᠭᠤᠴᠢᠠᠴᠢᠷ ᠶᠢᠨ ᠭᠦᠤ᠃

ᠵᠢᠭᠦ ᠪᠠᠷᠢ ᠊᠊᠊᠊᠊᠊᠊᠊᠊᠊᠊᠊᠊᠊᠊ ᠵᠢᠭᠦ ᠭᠦᠤ ᠶᠢᠨ ᠡᠭᠡᠨᠡᠷ᠃

ᠵᠢᠯᠢ᠌ᠭᠦᠢ ᠭᠦᠤ ᠊᠊᠊᠊᠊᠊᠊᠊᠊᠊᠊᠊᠊᠊᠊ ᠵᠢᠭᠦ ᠶᠢᠨ ᠭᠦᠤ᠃

ᠵᠢᠯᠢ᠌ᠭᠦᠢ ᠪᠠᠷᠢ ᠊᠊᠊᠊᠊᠊᠊᠊᠊᠊᠊᠊᠊᠊᠊ ᠵᠢᠯᠢ᠌ᠭᠦᠢ ᠭᠦᠤ ᠶᠢᠨ ᠡᠭᠡᠨᠡᠷ᠃

ᠳᠡᠯᠢ᠌ᠭᠦᠢ ᠭᠦᠤ ᠊᠊᠊᠊᠊᠊᠊᠊᠊᠊᠊᠊᠊᠊᠊ ᠵᠢᠯᠢ᠌ᠭᠦᠢ ᠶᠢᠨ ᠭᠦᠤ᠃

ᠳᠡᠯᠢ᠌ᠭᠦᠢ ᠪᠠᠷᠢ ᠊᠊᠊᠊᠊᠊᠊᠊᠊᠊᠊᠊᠊᠊᠊ ᠳᠡᠯᠢ᠌ᠭᠦᠢ ᠭᠦᠤ ᠶᠢᠨ ᠡᠭᠡᠨᠡᠷ᠃

3. ᠪᠠᠶ᠎ᠠ ᠡᠴᠠ ᠭᠦᠡᠳᠡᠯᠡᠨ ᠦᠶ᠎ᠡ ᠶᠢᠨ ᠲᠦᠷᠦᠯ ᠤᠨ ᠬᠤᠭᠤᠷᠤᠠᠳᠤᠭᠢ ᠳᠠᠭᠤᠳᠠᠯᠭ᠎ᠠ

ᠪᠠᠶ᠎ᠠ ᠊᠊᠊᠊᠊᠊᠊᠊᠊᠊᠊᠊᠊᠊᠊ ᠦᠪᠡᠷ ᠤᠨ ᠪᠠᠶ᠎ᠠ ᠶᠢ ᠵᠢᠭᠠᠪᠠ᠃

ᠠᠬ᠎ᠠ ᠊᠊᠊᠊᠊᠊᠊᠊᠊᠊᠊᠊᠊᠊᠊ ᠦᠪᠡᠷ ᠤᠨ ᠠᠬ᠎ᠠ᠃

ᠪᠠᠷᠭᠡᠨ ᠊᠊᠊᠊᠊᠊᠊᠊᠊᠊᠊᠊᠊᠊᠊ ᠠᠬ᠎ᠠ ᠶᠢᠨ ᠡᠭᠡᠨᠡᠷ᠃

ᠠᠪᠠᠭ᠎ᠠ ᠊᠊᠊᠊᠊᠊᠊᠊᠊᠊᠊᠊᠊᠊᠊ ᠡᠴᠢᠭᠡ ᠯᠤᠭ᠎ᠠ ᠭᠡᠪᠠᠯᠢ ᠨᠢᠭᠡᠳᠡᠢ ᠠᠬ᠎ᠠ ᠳᠡᠭᠦᠤ᠃ ᠠᠪᠠᠭ᠎ᠠ ᠭᠡᠳᠡᠭ᠌ ᠥᠭᠡ ᠡᠴᠢᠭᠡ ᠶᠢᠨ ᠳᠠᠯ᠎ᠠ ᠶᠢᠨ ᠳᠡᠭᠡᠷ᠎ᠡ ᠨᠢᠭᠡ ᠦᠶ᠎ᠡ ᠶᠢ ᠵᠢᠭᠠᠭᠰᠠᠨ ᠦᠪᠡᠷᠮᠢᠴᠠ ᠣᠤᠠᠬ᠎ᠠ ᠲᠡᠶ ᠶᠢ ᠠᠩᠬᠠᠷᠬᠤ ᠭᠡᠷᠡᠭ᠍ᠳᠡᠢ᠃

ᠠᠪᠠᠭ᠎ᠠ ᠪᠠᠷᠭᠡᠨ ᠊᠊᠊᠊᠊᠊᠊᠊᠊᠊᠊᠊᠊᠊᠊ ᠠᠪᠠᠭ᠎ᠠ ᠶᠢᠨ ᠡᠭᠡᠨᠡᠷ᠃

ᠠᠪᠠᠭ᠎ᠠ ᠡᠭᠡᠴᠢ ᠊᠊᠊᠊᠊᠊᠊᠊᠊᠊᠊᠊᠊᠊᠊ ᠡᠴᠢᠭᠡ ᠲᠡᠶ ᠡᠭᠡ ᠨᠢᠭᠡᠳᠡᠢ ᠦᠬᠢᠳ ᠢ ᠠᠪᠠᠭ᠎ᠠ ᠡᠭᠡᠴᠢ ᠭᠡᠨ᠎ᠡ᠃ ᠡᠭᠦᠨ ᠳᠤ ᠶᠡᠭᠡ᠂ ᠪᠠᠭ᠎ᠠ ᠪᠠᠷ ᠪᠣᠶᠤ ᠳᠤᠭ᠎ᠠ ᠪᠠᠷ ᠢᠯᠭᠠᠪᠣᠷᠢᠯᠠᠨ ᠳᠠᠭᠤᠳᠠᠵᠤ ᠪᠣᠯᠤᠨ᠎ᠠ᠃

ᠠᠪᠠᠭ᠎ᠠ ᠭᠦᠷᠭᠡᠨ ᠠᠬ᠎ᠠ ᠊᠊᠊᠊᠊᠊᠊᠊᠊᠊᠊᠊᠊᠊᠊ ᠠᠪᠠᠭ᠎ᠠ ᠡᠭᠡᠴᠢ ᠶᠢᠨ ᠭᠦᠷᠭᠡᠨ᠃

ᠠᠪᠠᠭ᠎ᠠ ᠡᠴᠢᠭᠡ ᠊᠊᠊᠊᠊᠊᠊᠊᠊᠊᠊᠊᠊᠊᠊ ᠡᠪᠦᠭᠡ ᠶᠢᠨ ᠳᠦᠷᠦᠭ᠍ᠰᠡᠨ ᠠᠬ᠎ᠠ ᠳᠡᠭᠦᠤ ᠪᠣᠯᠬᠤ ᠡᠴᠢᠭᠡ ᠶᠢᠨ ᠲᠦᠷᠦᠯ ᠤᠨ ᠠᠬᠠᠮᠠᠤᠨ᠃

ᠠᠪᠠᠭ᠎ᠠ ᠡᠭᠡ ᠊᠊᠊᠊᠊᠊᠊᠊᠊᠊᠊᠊᠊᠊᠊ ᠠᠪᠠᠭ᠎ᠠ ᠡᠴᠢᠭᠡ ᠶᠢᠨ ᠡᠭᠡᠨᠡᠷ᠃

ᠠᠪᠠᠭ᠎ᠠ ᠡᠪᠦᠭᠡ ᠊᠊᠊᠊᠊᠊᠊᠊᠊᠊᠊᠊᠊᠊᠊ ᠡᠯᠦᠡᠴᠡ ᠡᠪᠦᠭᠡ ᠶᠢᠨ ᠳᠦᠷᠦᠭ᠍ᠰᠡᠨ ᠠᠬ᠎ᠠ ᠳᠡᠭᠦᠦᠰ ᠪᠣᠯᠤᠨ᠎ᠠ᠃

ᠠᠪᠠᠭ᠎ᠠ ᠡᠮᠡᠭᠡ ᠊᠊᠊᠊᠊᠊᠊᠊᠊᠊᠊᠊᠊᠊᠊ ᠠᠪᠠᠭ᠎ᠠ ᠡᠪᠦᠭᠡ ᠶᠢᠨ ᠡᠭᠡᠨᠡᠷ᠃

ᠠᠪᠠᠭ᠎ᠠ ᠡᠯᠦᠡᠴᠡ ᠡᠪᠦᠭᠡ ᠊᠊᠊᠊᠊᠊᠊᠊᠊᠊᠊᠊᠊᠊᠊ ᠬᠤᠯᠤᠠᠴᠠ ᠡᠪᠦᠭᠡ ᠶᠢᠨ ᠳᠦᠷᠦᠭ᠍ᠰᠡᠨ ᠠᠬ᠎ᠠ ᠳᠡᠭᠦᠦᠰ ᠪᠣᠯᠤᠨ᠎ᠠ᠃

ᠠᠪᠠᠭ᠎ᠠ ᠡᠯᠦᠡᠴᠡ ᠡᠮᠡᠭᠡ ᠊᠊᠊᠊᠊᠊᠊᠊᠊᠊᠊᠊᠊᠊᠊ ᠠᠪᠠᠭ᠎ᠠ ᠡᠯᠦᠡᠴᠡ ᠡᠪᠦᠭᠡ ᠶᠢᠨ ᠡᠭᠡᠨᠡᠷ᠃

ᠠᠪᠠᠭ᠎ᠠ ᠬᠤᠯᠤᠠᠴᠠ ᠡᠪᠦᠭᠡ ᠊᠊᠊᠊᠊᠊᠊᠊᠊᠊᠊᠊᠊᠊᠊ ᠡᠯᠤᠨ ᠡᠪᠦᠭᠡ ᠶᠢᠨ ᠳᠦᠷᠦᠭ᠍ᠰᠡᠨ ᠠᠬ᠎ᠠ ᠳᠡᠭᠦᠦᠰ᠃

ᠠᠪᠠᠭ᠎ᠠ ᠬᠤᠯᠤᠠᠴᠠ ᠡᠮᠡᠭᠡ ᠊᠊᠊᠊᠊᠊᠊᠊᠊᠊᠊᠊᠊᠊᠊ ᠠᠪᠠᠭ᠎ᠠ ᠬᠤᠯᠤᠠᠴᠠ ᠡᠪᠦᠭᠡ ᠶᠢᠨ ᠡᠭᠡᠨᠡᠷ᠃

ᠠᠪᠠᠭ᠎ᠠ ᠡᠯᠤᠨ ᠡᠪᠦᠭᠡ ᠊᠊᠊᠊᠊᠊᠊᠊᠊᠊᠊᠊᠊᠊᠊ ᠬᠤᠯᠤᠨ ᠡᠪᠦᠭᠡ ᠶᠢᠨ ᠳᠦᠷᠦᠭ᠍ᠰᠡᠨ ᠠᠬ᠎ᠠ ᠳᠡᠭᠦᠦᠰ᠃

ᠠᠪᠠᠭ᠎ᠠ ᠡᠯᠤᠨ ᠡᠮᠡᠭᠡ ᠊᠊᠊᠊᠊᠊᠊᠊᠊᠊᠊᠊᠊᠊᠊ ᠠᠪᠠᠭ᠎ᠠ ᠡᠯᠤᠨ ᠡᠪᠦᠭᠡ ᠶᠢᠨ ᠡᠭᠡᠨᠡᠷ᠃

ᠠᠪᠠᠭ᠎ᠠ ᠬᠤᠯᠤᠨ ᠡᠪᠦᠭᠡ ᠊᠊᠊᠊᠊᠊᠊᠊᠊᠊᠊᠊᠊᠊᠊ ᠬᠤᠯᠪᠣᠭ᠎ᠠ ᠡᠪᠦᠭᠡ ᠶᠢᠨ ᠳᠦᠷᠦᠭ᠍ᠰᠡᠨ ᠠᠬ᠎ᠠ ᠳᠡᠭᠦᠦᠰ᠃

ᠠᠪᠠᠭ᠎ᠠ ᠬᠤᠯᠤᠨ ᠡᠮᠡᠭᠡ ᠊᠊᠊᠊᠊᠊᠊᠊᠊᠊᠊᠊᠊᠊᠊ ᠠᠪᠠᠭ᠎ᠠ ᠬᠤᠯᠤᠨ ᠡᠪᠦᠭᠡ ᠶᠢᠨ ᠡᠭᠡᠨᠡᠷ᠃

ᠠᠪᠠᠭ᠎ᠠ ᠬᠤᠯᠪᠣᠭ᠎ᠠ ᠡᠪᠦᠭᠡ ᠊᠊᠊᠊᠊᠊᠊᠊᠊᠊᠊᠊᠊᠊᠊ ᠦᠨᠳᠦᠷ ᠡᠪᠦᠭᠡ ᠶᠢᠨ ᠳᠦᠷᠦᠭ᠍ᠰᠡᠨ ᠠᠬ᠎ᠠ ᠳᠡᠭᠦᠦᠰ᠃

ᠠᠪᠠᠭ᠎ᠠ ᠬᠤᠯᠪᠣᠭ᠎ᠠ ᠡᠮᠡᠭᠡ ᠊᠊᠊᠊᠊᠊᠊᠊᠊᠊᠊᠊᠊᠊᠊ ᠠᠪᠠᠭ᠎ᠠ ᠬᠤᠯᠪᠣᠭ᠎ᠠ ᠡᠪᠦᠭᠡ ᠶᠢᠨ ᠡᠭᠡᠨᠡᠷ᠃

ᠠᠪᠠᠭ᠎ᠠ ᠦᠨᠳᠦᠷ ᠡᠪᠦᠭᠡ ᠊᠊᠊᠊᠊᠊᠊᠊᠊᠊᠊᠊᠊᠊᠊ ᠣᠭ ᠳᠡᠭᠡᠳᠦᠰ ᠲᠡᠶ ᠳᠦᠷᠦᠭ᠍ᠰᠡᠨ ᠠᠬ᠎ᠠ ᠳᠡᠭᠦᠦᠰ᠃

ᠠᠪᠠᠭ᠎ᠠ ᠦᠨᠳᠦᠷ ᠡᠮᠡᠭᠡ ᠊᠊᠊᠊᠊᠊᠊᠊᠊᠊᠊᠊᠊᠊᠊ ᠠᠪᠠᠭ᠎ᠠ ᠦᠨᠳᠦᠷ ᠡᠪᠦᠭᠡ ᠶᠢᠨ ᠡᠭᠡᠨᠡᠷ᠃ ᠠᠪᠠᠭ᠎ᠠ ᠡᠴᠠ ᠳᠡᠭᠡᠭ᠍ᠰᠢ ᠶ‍ᠢᠰᠤᠨ ᠦᠶ᠎ᠡ ᠪᠣᠯᠤᠨ᠎ᠠ᠃

4. ᠡᠭᠡ ᠶᠢᠨ ᠳᠠᠯ᠎ᠠ ᠶᠢᠨ ᠲᠦᠷᠦᠯ ᠤᠨ ᠬᠤᠭᠤᠷᠤᠠᠳᠤᠭᠢ ᠳᠠᠭᠤᠳᠠᠯᠭ᠎ᠠ

ᠨᠠᠭᠠᠴᠤ ᠊᠊᠊᠊᠊᠊᠊᠊᠊᠊᠊᠊᠊᠊᠊ ᠡᠭᠡ ᠶᠢᠨ ᠠᠬ᠎ᠠ ᠪᠣᠶᠤ ᠳᠡᠭᠦᠤ ᠨᠢ᠃

ᠨᠠᠭᠠᠴᠤ ᠪᠠᠷᠭᠡᠨ ᠊᠊᠊᠊᠊᠊᠊᠊᠊᠊᠊᠊᠊᠊᠊ ᠨᠠᠭᠠᠴᠤ ᠶᠢᠨ ᠡᠭᠡᠨᠡᠷ᠃

ᠨᠠᠭᠠᠴᠤ ᠠᠪᠣ ᠊᠊᠊᠊᠊᠊᠊᠊᠊᠊᠊᠊᠊᠊᠊ ᠡᠭᠡ ᠶᠢᠨ ᠡᠴᠢᠭᠡ (ᠨᠠᠭ᠎ᠠ)᠃ ᠨᠠᠭ᠎ᠠ ᠡᠪᠦᠭᠡ (ᠶ‍ᠧ ᠶ‍ᠧ) ᠭᠡᠳᠡᠭ᠌ ᠳᠠᠭᠤᠳᠠᠯᠭ᠎ᠠ ᠪᠣᠯ ᠬᠠᠯᠭᠤᠤ ᠳᠠᠭᠤᠳᠠᠯᠭ᠎ᠠ᠃ ᠣᠴᠢᠷ ᠨᠢ ᠨᠠᠭᠠᠴᠤ ᠭᠡᠳᠡᠭ᠌ ᠥᠭᠡ᠂ ᠠᠪᠣ ᠭᠡᠰᠡᠨ ᠥᠭᠡ ᠳᠡᠭᠡᠷ᠎ᠡ ᠨᠢᠭᠡ ᠦᠶ᠎ᠡ ᠶᠢ ᠠᠭᠢᠨ ᠨᠢᠭᠡ ᠦᠶ᠎ᠡ ᠳᠡᠭᠡᠭ᠍ᠰᠢᠯᠡᠭᠦᠯᠦᠭ᠍ᠰᠡᠨ ᠳᠤ ᠣᠷᠤᠰᠢᠨ᠎ᠠ᠃

ᠨᠠᠭᠠᠴᠤ ᠡᠭᠡ ᠊᠊᠊᠊᠊᠊᠊᠊᠊᠊᠊᠊᠊᠊᠊ ᠡᠭᠡ ᠢᠨ ᠡᠭᠡ (ᠨᠠᠭ᠎ᠠ)᠃

ᠨᠠᠭᠠᠴᠤ ᠡᠪᠦᠭᠡ ᠊᠊᠊᠊᠊᠊᠊᠊᠊᠊᠊᠊᠊᠊᠊ ᠡᠭᠡ ᠶᠢᠨ ᠡᠪᠦᠭᠡ᠃

ᠨᠠᠭᠠᠴᠤ ᠡᠮᠡᠭᠡ ᠊᠊᠊᠊᠊᠊᠊᠊᠊᠊᠊᠊᠊᠊᠊ ᠡᠭᠡ ᠶᠢᠨ ᠡᠮᠡᠭᠡ᠃

ᠨᠠᠭᠠᠴᠤ ᠡᠭᠡᠴᠢ ᠊᠊᠊᠊᠊᠊᠊᠊᠊᠊᠊᠊᠊᠊᠊ ᠡᠭᠡ ᠶᠢᠨ ᠡᠭᠡᠴᠢ ᠪᠣᠶᠤ ᠳᠡᠭᠦᠤ ᠪᠣᠯᠤᠨ᠎ᠠ᠃

ᠨᠠᠭᠠᠴᠤ ᠭᠦᠷᠭᠡᠨ ᠠᠬ᠎ᠠ ᠊᠊᠊᠊᠊᠊᠊᠊᠊᠊᠊᠊᠊᠊᠊ ᠨᠠᠭᠠᠴᠤ ᠡᠭᠡᠴᠢ ᠶᠢᠨ ᠭᠦᠷᠭᠡᠨ᠃ ᠡᠭᠡ ᠶᠢᠨ ᠳᠡᠭᠦᠤ ᠭᠦᠷᠭᠡᠨ᠃

5. ᠪᠠᠶ᠎ᠠ ᠡᠴᠠ ᠳᠤᠷᠤᠭᠰᠢᠭᠢ ᠭᠤᠤᠯ ᠣᠭᠰᠠᠭ᠎ᠠ ᠶᠢᠨ ᠬᠤᠭᠤᠷᠤᠠᠳᠤᠭᠢ ᠳᠠᠭᠤᠳᠠᠯᠭ᠎ᠠ

ᠪᠠᠶ᠎ᠠ ᠊᠊᠊᠊᠊᠊᠊᠊᠊᠊᠊᠊᠊᠊᠊ ᠦᠪᠡᠷ ᠶᠢ ᠵᠢᠭᠠᠪᠠ᠃

ᠪᠠᠷᠢ ᠊᠊᠊᠊᠊᠊᠊᠊᠊᠊᠊᠊᠊᠊᠊ ᠦᠪᠡᠷ ᠤᠨ ᠡᠭᠡᠨᠡᠷ᠃

ᠳᠡᠭᠦᠤ ᠊᠊᠊᠊᠊᠊᠊᠊᠊᠊᠊᠊᠊᠊᠊ ᠦᠪᠡᠷ ᠤᠨ ᠳᠡᠭᠦᠤ᠃

ᠳᠡᠭᠦᠤ ᠪᠠᠷᠢ ᠊᠊᠊᠊᠊᠊᠊᠊᠊᠊᠊᠊᠊᠊᠊ ᠳᠡᠭᠦᠤ ᠶᠢᠨ ᠡᠭᠡᠨᠡᠷ᠃

ᠦᠶᠡᠯᠢᠳ ᠠᠬ᠎ᠠ ᠳᠡᠭᠦᠤ ᠊᠊᠊᠊᠊᠊᠊᠊᠊᠊᠊᠊᠊᠊᠊ ᠠᠬ᠎ᠠ ᠳᠡᠭᠦᠤ ᠬᠤᠶᠠᠷ ᠤᠨ ᠬᠡᠦᠬᠡᠳ ᠦᠶᠡᠯᠢᠳ ᠠᠬ᠎ᠠ ᠳᠡᠭᠦᠤ ᠪᠣᠯᠤᠯᠴᠠᠨ᠎ᠠ᠃

ᠦᠶᠡᠯᠢᠳ ᠪᠠᠷᠢᠶᠠᠤᠨ ᠊᠊᠊᠊᠊᠊᠊᠊᠊᠊᠊᠊᠊᠊᠊ ᠦᠶᠡᠯᠢᠳ ᠠᠬ᠎ᠠ ᠳᠡᠭᠦᠦᠰ ᠤᠨ ᠡᠭᠡᠨᠡᠷ᠃

ᠬᠠᠯᠢᠶᠠᠤᠨ ᠠᠬ᠎ᠠ ᠳᠡᠭᠦᠤ ᠊᠊᠊᠊᠊᠊᠊᠊᠊᠊᠊᠊᠊᠊᠊ ᠦᠶᠡᠯᠢᠳ ᠠᠬ᠎ᠠ ᠳᠡᠭᠦᠤ ᠶᠢᠨ ᠬᠡᠦᠬᠡᠳ ᠤᠨ ᠬᠤᠭᠤᠷᠤᠠᠳᠤ ᠪᠠᠨ ᠬᠠᠯᠢᠶᠠᠤᠨ ᠠᠬ᠎ᠠ ᠳᠡᠭᠦᠤ ᠪᠣᠯᠤᠯᠴᠠᠨ᠎ᠠ᠃

ᠬᠠᠯᠢᠶᠠᠤᠨ ᠪᠠᠷᠢᠶᠠᠤᠨ ᠊᠊᠊᠊᠊᠊᠊᠊᠊᠊᠊᠊᠊᠊᠊ ᠬᠠᠯᠢᠶᠠᠤᠨ ᠠᠬ᠎ᠠ ᠳᠡᠭᠦᠦᠰ ᠤᠨ ᠡᠭᠡᠨᠡᠷ᠃

ᠦᠶ᠎ᠡ ᠠᠬ᠎ᠠ ᠳᠡᠭᠦᠤ ᠊᠊᠊᠊᠊᠊᠊᠊᠊᠊᠊᠊᠊᠊᠊ ᠬᠠᠯᠢᠶᠠᠤᠨ ᠠᠬ᠎ᠠ ᠳᠡᠭᠦᠤ ᠶᠢᠨ ᠬᠡᠦᠬᠡᠳ ᠤᠨ ᠬᠤᠭᠤᠷᠤᠠᠳᠤ ᠪᠠᠨ ᠦᠶ᠎ᠡ ᠠᠬ᠎ᠠ ᠳᠡᠭᠦᠤ᠃

ᠦᠶ᠎ᠡ ᠪᠠᠷᠢᠶᠠᠤᠨ ᠊᠊᠊᠊᠊᠊᠊᠊᠊᠊᠊᠊᠊᠊᠊ ᠦᠶ᠎ᠡ ᠠᠬ᠎ᠠ ᠳᠡᠭᠦᠦᠰ ᠤᠨ ᠡᠭᠡᠨᠡᠷ᠃

ᠬᠠᠶ᠎ᠠ ᠠᠬ᠎ᠠ ᠳᠡᠭᠦᠤ ᠊᠊᠊᠊᠊᠊᠊᠊᠊᠊᠊᠊᠊᠊᠊ ᠦᠶ᠎ᠡ ᠠᠬ᠎ᠠ ᠳᠡᠭᠦᠤ ᠵᠢᠨ ᠬᠡᠦᠬᠡᠳ ᠤᠨ ᠬᠤᠭᠤᠷᠤᠠᠳᠤ ᠪᠠᠨ ᠬᠠᠶ᠎ᠠ ᠠᠬ᠎ᠠ ᠳᠡᠭᠦᠤ᠃

ᠬᠠᠶ᠎ᠠ ᠪᠠᠷᠢᠶᠠᠤᠨ ᠊᠊᠊᠊᠊᠊᠊᠊᠊᠊᠊᠊᠊᠊᠊ ᠬᠠᠶ᠎ᠠ ᠠᠬ᠎ᠠ ᠳᠡᠭᠦᠦᠰ ᠤᠨ ᠡᠭᠡᠨᠡᠷ᠃

ᠦᠶᠡᠠᠴᠢᠷ ᠠᠬ᠎ᠠ ᠳᠡᠭᠦᠤ ᠊᠊᠊᠊᠊᠊᠊᠊᠊᠊᠊᠊᠊᠊᠊ ᠬᠠᠶ᠎ᠠ ᠠᠬ᠎ᠠ ᠳᠡᠭᠦᠤ ᠶᠢᠨ ᠬᠡᠦᠬᠡᠳ ᠤᠨ ᠬᠤᠭᠤᠷᠤᠠᠳᠤ ᠪᠠᠨ ᠦᠶᠡᠠᠴᠢᠷ ᠠᠬ᠎ᠠ ᠳᠡᠭᠦᠤ ᠪᠣᠯᠤᠯᠴᠠᠨ᠎ᠠ᠃

ᠦᠶᠡᠠᠴᠢᠷ ᠪᠠᠷᠢᠶᠠᠤᠨ ᠊᠊᠊᠊᠊᠊᠊᠊᠊᠊᠊᠊᠊᠊᠊ ᠦᠶᠡᠠᠴᠢᠷ ᠠᠬ᠎ᠠ ᠳᠡᠭᠦᠦᠰ ᠤᠨ ᠡᠭᠡᠨᠡᠷ᠃

ᠬᠠᠶᠠᠠᠴᠢᠷ ᠠᠬ᠎ᠠ ᠳᠡᠭᠦᠤ ᠊᠊᠊᠊᠊᠊᠊᠊᠊᠊᠊᠊᠊᠊᠊ ᠦᠶᠡᠠᠴᠢᠷ ᠠᠬ᠎ᠠ ᠳᠡᠭᠦᠤ ᠶᠢᠨ ᠬᠡᠦᠬᠡᠳ ᠤᠨ ᠬᠤᠭᠤᠷᠤᠠᠳᠤ ᠪᠠᠨ ᠬᠠᠶᠠᠠᠴᠢᠷ ᠠᠬ᠎ᠠ ᠳᠡᠭᠦᠤ᠃

ᠬᠠᠶᠠᠠᠴᠢᠷ ᠪᠠᠷᠢᠶᠠᠤᠨ ᠊᠊᠊᠊᠊᠊᠊᠊᠊᠊᠊᠊᠊᠊᠊ ᠬᠠᠶᠠᠠᠴᠢᠷ ᠠᠬ᠎ᠠ ᠳᠡᠭᠦᠦᠰ ᠤᠨ ᠡᠭᠡᠨᠡᠷ᠃

ᠲᠦᠷᠦᠯ ᠤᠨ ᠠᠬ᠎ᠠ ᠳᠡᠭᠦᠤ ᠊᠊᠊᠊᠊᠊᠊᠊᠊᠊᠊᠊᠊᠊᠊ ᠬᠠᠶᠠᠠᠴᠢᠷ ᠠᠬ᠎ᠠ ᠳᠡᠭᠦᠤ ᠶᠢᠨ ᠬᠡᠦᠬᠡᠳ ᠤᠨ ᠬᠤᠭᠤᠷᠤᠠᠳᠤ ᠪᠠᠨ ᠲᠦᠷᠦᠯ ᠤᠨ ᠠᠬ᠎ᠠ ᠳᠡᠭᠦᠤ᠃

ᠲᠦᠷᠦᠯ ᠤᠨ ᠪᠠᠷᠢᠶᠠᠤᠨ ᠊᠊᠊᠊᠊᠊᠊᠊᠊᠊᠊᠊᠊᠊᠊ ᠲᠦᠷᠦᠯ ᠤᠨ ᠠᠬ᠎ᠠ ᠳᠡᠭᠦᠦᠰ ᠤᠨ ᠡᠭᠡᠨᠡᠷ᠃

ᠠᠢ᠌ᠮᠠᠭ ᠤᠨ ᠠᠬ᠎ᠠ ᠳᠡᠭᠦᠤ ᠊᠊᠊᠊᠊᠊᠊᠊᠊᠊᠊᠊᠊᠊᠊ ᠲᠦᠷᠦᠯ ᠤᠨ ᠠᠬ᠎ᠠ ᠳᠡᠭᠦᠤ ᠨᠡᠷ ᠤᠨ ᠬᠡᠦᠬᠡᠳ ᠤᠨ ᠬᠤᠭᠤᠷᠤᠠᠳᠤ ᠪᠠᠨ ᠠᠢ᠌ᠮᠠᠭ ᠤᠨ ᠠᠬ᠎ᠠ ᠳᠡᠭᠦᠤ ᠪᠣᠯᠤᠨ᠎ᠠ᠃

ᠠᠢ᠌ᠮᠠᠭ ᠤᠨ ᠪᠠᠷᠢᠶᠠᠤᠨ ᠊᠊᠊᠊᠊᠊᠊᠊᠊᠊᠊᠊᠊᠊᠊ ᠠᠢ᠌ᠮᠠᠭ ᠤᠨ ᠠᠬ᠎ᠠ ᠳᠡᠭᠦᠦᠰ ᠤᠨ ᠡᠭᠡᠨᠡᠷ᠃

6. ᠳᠤᠤᠷ᠎ᠠ ᠦᠶ᠎ᠡ ᠶᠢᠨ ᠬᠡᠦᠬᠡᠳ ᠤᠨ ᠬᠤᠭᠤᠷᠤᠠᠳᠤᠭᠢ ᠳᠠᠭᠤᠳᠠᠯᠭ᠎ᠠ

ᠦᠶᠡᠯᠢᠳ ᠠᠬ᠎ᠠ ᠊᠊᠊᠊᠊᠊᠊᠊᠊᠊᠊᠊᠊᠊᠊ ᠠᠬ᠎ᠠ ᠳᠡᠭᠦᠤ ᠬᠤᠶᠠᠷ ᠤᠨ ᠬᠡᠦᠬᠡᠳ ᠤᠨ ᠬᠤᠭᠤᠷᠤᠠᠳᠤ ᠪᠠᠨ ᠠᠬ᠎ᠠ ᠳᠡᠭᠦᠤ᠃

ᠪᠦᠯᠤ ᠠᠬ᠎ᠠ ᠳᠡᠭᠦᠤ ᠊᠊᠊᠊᠊᠊᠊᠊᠊᠊᠊᠊᠊᠊᠊ ᠡᠭᠡᠴᠢ᠂ ᠦᠬᠢᠨ ᠳᠡᠭᠦᠤ ᠶᠢᠨ ᠬᠡᠦᠬᠡᠳ ᠤᠨ ᠬᠤᠭᠤᠷᠤᠠᠳᠤ ᠪᠠᠨ ᠪᠦᠯᠤ ᠠᠬ᠎ᠠ ᠳᠡᠭᠦᠤ᠃

ᠨᠠᠭ᠎ᠠ ᠊᠊᠊᠊᠊᠊᠊᠊᠊᠊᠊᠊᠊᠊᠊ ᠠᠬ᠎ᠠ᠂ ᠦᠬᠢᠨ ᠳᠡᠭᠦᠤ ᠪᠣᠶᠤ ᠡᠭᠡᠴᠢ᠂ ᠭᠦᠤ ᠳᠡᠭᠦᠤ ᠶᠢᠨ ᠬᠡᠦᠬᠡᠳ ᠤᠨ ᠬᠤᠭᠤᠷᠤᠠᠳᠤ ᠪᠠᠨ ᠨᠠᠭ᠎ᠠ ᠠᠬ᠎ᠠ ᠳᠡᠭᠦᠤ ᠭᠡᠵᠤ ᠳᠠᠭᠤᠳᠠᠯᠴᠠᠨ᠎ᠠ᠃

ᠨᠠᠭᠠᠠᠴᠢᠷ ᠊᠊᠊᠊᠊᠊᠊᠊᠊᠊᠊᠊᠊᠊᠊ ᠨᠠᠭ᠎ᠠ ᠠᠬ᠎ᠠ ᠳᠡᠭᠦᠤ ᠶᠢᠨ ᠬᠡᠦᠬᠡᠳ ᠬᠤᠭᠤᠷᠤᠠᠳᠤ ᠪᠠᠨ ᠨᠠᠭᠠᠠᠴᠢᠷ ᠠᠬ᠎ᠠ ᠳᠡᠭᠦᠤ ᠪᠣᠯᠤᠨ᠎ᠠ᠃

ᠪᠦᠯᠦᠡᠴᠢᠷ ᠊᠊᠊᠊᠊᠊᠊᠊᠊᠊᠊᠊᠊᠊᠊ ᠪᠦᠯᠤ ᠠᠬ᠎ᠠ ᠳᠡᠭᠦᠤ ᠶᠢᠨ ᠬᠡᠦᠬᠡᠳ ᠬᠤᠭᠤᠷᠤᠠᠳᠤ ᠪᠠᠨ ᠪᠦᠯᠦᠡᠴᠢᠷ ᠠᠬ᠎ᠠ ᠳᠡᠭᠦᠤ ᠪᠣᠯᠤᠨ᠎ᠠ᠃

ᠠᠴᠢ ᠊᠊᠊᠊᠊᠊᠊᠊᠊᠊᠊᠊᠊᠊᠊ ᠠᠬ᠎ᠠ ᠪᠣᠶᠤ ᠳᠡᠭᠦᠤ ᠶᠢᠨ ᠬᠡᠦᠬᠡᠳ᠂ ᠦᠪᠡᠷ ᠲᠤ ᠠᠴᠢ ᠭᠦᠤ ᠪᠣᠯᠤᠨ᠎ᠠ᠃

ᠠᠴᠢ ᠪᠠᠷᠢ ᠊᠊᠊᠊᠊᠊᠊᠊᠊᠊᠊᠊᠊᠊᠊ ᠠᠴᠢ ᠶᠢᠨ ᠡᠭᠡᠨᠡᠷ᠃

ᠠᠴᠢᠠᠴᠢᠷ ᠊᠊᠊᠊᠊᠊᠊᠊᠊᠊᠊᠊᠊᠊᠊ ᠠᠴᠢ ᠭᠦᠤ ᠶᠢᠨ ᠭᠦᠤ᠃

ᠠᠴᠢᠠᠴᠢᠷ ᠪᠠᠷᠢ ᠊᠊᠊᠊᠊᠊᠊᠊᠊᠊᠊᠊᠊᠊᠊ ᠠᠴᠢᠠᠴᠢᠷ ᠤᠨ ᠡᠭᠡᠨᠡᠷ᠃

ᠵᠢᠭᠡ ᠊᠊᠊᠊᠊᠊᠊᠊᠊᠊᠊᠊᠊᠊᠊ ᠡᠭᠡᠴᠢ᠂ ᠦᠬᠢᠨ ᠳᠡᠭᠦᠤ ᠶᠢᠨ ᠬᠡᠦᠬᠡᠳ ᠦᠪᠡᠷ ᠲᠤ ᠵᠢᠭᠡ ᠪᠣᠯᠤᠨ᠎ᠠ᠃

ᠵᠢᠭᠡ ᠪᠠᠷᠢ ᠊᠊᠊᠊᠊᠊᠊᠊᠊᠊᠊᠊᠊᠊᠊ ᠵᠢᠭᠡ ᠶᠢᠨ ᠡᠭᠡᠨᠡᠷ᠃

ᠵᠢᠭᠡᠡᠴᠢᠷ ᠊᠊᠊᠊᠊᠊᠊᠊᠊᠊᠊᠊᠊᠊᠊ ᠵᠢᠭᠡ ᠭᠦᠤ ᠶᠢᠨ ᠭᠦᠤ᠃

7. ᠬᠠᠳᠠᠮ ᠤᠨ ᠳᠠᠯ᠎ᠠ ᠶᠢᠨ ᠪᠠᠶ᠎ᠠ ᠡᠴᠠ ᠳᠤᠷᠤᠭᠰᠢᠭᠢ ᠲᠦᠷᠦᠯ ᠤᠨ ᠬᠤᠭᠤᠷᠤᠠᠳᠤᠭᠢ ᠳᠠᠭᠤᠳᠠᠯᠭ᠎ᠠ

ᠪᠠᠵᠠ ᠊᠊᠊᠊᠊᠊᠊᠊᠊᠊᠊᠊᠊᠊᠊ ᠡᠭᠡᠴᠢ ᠦᠬᠢᠨ ᠳᠡᠭᠦᠤ ᠶᠢᠨ ᠡᠷ᠎ᠡ ᠶᠢᠨ ᠬᠤᠭᠤᠷᠤᠠᠳᠤ ᠪᠠᠨ ᠪᠠᠵᠠ ᠭᠡᠨ᠎ᠡ᠃

ᠠᠪᠢᠰᠤᠨ ᠠᠵᠢᠨ ᠊᠊᠊᠊᠊᠊᠊᠊᠊᠊᠊᠊᠊᠊᠊ ᠠᠬ᠎ᠠ ᠳᠡᠭᠦᠤ ᠬᠤᠶᠠᠷ ᠤᠨ ᠡᠭᠡᠨᠡᠷ ᠤᠨ ᠬᠤᠭᠤᠷᠤᠠᠳᠤ ᠪᠠᠨ ᠠᠪᠢᠰᠤᠨ ᠠᠵᠢᠨ᠃ ᠠᠪᠢᠰᠤᠨ ᠨᠢ ᠠᠬ᠎ᠠ ᠶᠢᠨ ᠡᠭᠡᠨᠡᠷ᠂ ᠠᠵᠢᠨ ᠨᠢ ᠳᠡᠭᠦᠤ ᠶᠢᠨ ᠡᠭᠡᠨᠡᠷ᠃

ᠭᠦᠷᠢ ᠳᠡᠭᠦᠤ ᠊᠊᠊᠊᠊᠊᠊᠊᠊᠊᠊᠊᠊᠊᠊ ᠡᠭᠡᠨᠡᠷ ᠤᠨ ᠳᠡᠭᠦᠤ᠃

ᠭᠦᠷᠢ ᠳᠡᠭᠦᠤ ᠪᠠᠷᠢ ᠊᠊᠊᠊᠊᠊᠊᠊᠊᠊᠊᠊᠊᠊᠊ ᠭᠦᠷᠢ ᠳᠡᠭᠦᠤ ᠶᠢᠨ ᠡᠭᠡᠨᠡᠷ᠃

ᠭᠦᠷᠢ ᠦᠬᠢᠨ ᠳᠡᠭᠦᠤ ᠊᠊᠊᠊᠊᠊᠊᠊᠊᠊᠊᠊᠊᠊᠊ ᠡᠭᠡᠨᠡᠷ ᠤᠨ ᠦᠬᠢᠨ ᠳᠡᠭᠦᠤ᠃

ᠭᠦᠷᠢ ᠭᠦᠷᠭᠡᠨ ᠳᠡᠭᠦᠤ ᠊᠊᠊᠊᠊᠊᠊᠊᠊᠊᠊᠊᠊᠊᠊ ᠭᠦᠷᠢ ᠦᠬᠢᠨ ᠳᠡᠭᠦᠤ ᠶᠢᠨ ᠡᠷᠡᠭ᠍ᠳᠡᠢ ᠨᠢ᠃


ᠵᠤᠬᠢᠶᠠᠭᠴᠢ ᠶᠢᠨ ᠬᠠᠶ‍ᠢᠭ ᠄ ᠪᠠᠷᠠᠭᠤᠨ ᠦᠵᠦᠮᠤᠴᠢᠨ ᠪᠠᠶᠠᠠᠬᠤᠧᠨ

ᠵᠤᠬᠢᠶᠠᠭᠴᠢ᠄ ᠣᠤᠠᠬᠠᠠᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7460
ᠴᠠᠭ᠄ 2009 ᠤᠨ ᠤ 12 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ