ᠨᠡᠪᠲᠡᠷᠡᠨ ᠤᠷᠤᠬᠤ
ᠤᠶᠠᠩᠭ᠋᠎ᠠ ᠶᠢᠨ ᠭᠤᠤᠯ ᠤᠨ ᠰᠢᠪᠠᠭᠤ
᠊᠊᠊᠊᠊᠊᠊᠊᠊᠊᠊᠊᠊᠊᠊ ᠰᠢᠯᠦᠭ᠍ᠴᠢ ᠠᠬ᠎ᠠ ᠮ·ᠡᠷᠭᠢᠮ ᠶᠢᠡᠨ ᠳᠤᠷᠠᠰᠬᠠᠪᠠ

ᠵᠤᠯᠠᠢ ᠵᠤᠯᠠᠢ ᠪᠠᠨ ᠭᠢᠰᠭᠢᠵᠤ ᠭᠠᠷᠤᠭᠰᠠᠨ ᠦᠭᠡᠶ ᠴᠤ

ᠵᠤᠯᠤᠭ ᠵᠤᠯᠤᠭ ᠶᠢᠡᠨ ᠱᠥᠷᠭᠦᠭᠡᠵᠤ ᠥᠰᠦᠭ᠍ᠰᠡᠨ ᠶᠤᠮ

ᠵᠢᠰᠤ ᠵᠢᠰᠤ ᠠᠳᠠᠯᠢ ᠳᠦᠷᠦᠭ᠍ᠰᠡᠨ ᠦᠭᠡᠶ ᠴᠤ

ᠵᠢᠷᠦᠭᠡ ᠵᠢᠷᠦᠭᠡ ᠪᠠᠷ ᠶᠢᠡᠨ ᠬᠤᠯᠪᠣᠯᠳᠤᠨ ᠪᠣᠢ᠌ᠵᠢᠭᠰᠠᠨ ᠶᠤᠮ

ᠮᠡᠳᠡᠭᠡᠳᠤ ᠠᠢ᠌ᠯ ᠡᠴᠡ ᠮᠡᠡᠳᠦᠯᠡᠭ᠍ᠰᠡᠨ

ᠮᠡᠷᠭᠡᠨ ᠭᠦᠤ ᠳᠠ ᠪᠠᠢ᠌ᠭᠰᠠᠨ ᠶᠤᠮ

ᠮᠡᠭᠡ ᠵᠠᠯᠢ ᠶᠢ ᠦᠵᠡᠨ ᠶᠠᠳᠠᠭᠰᠠᠨ

ᠮᠤᠩᠭ᠋ᠤᠯ ᠡᠷ᠎ᠡ ᠳᠠ ᠪᠠᠢ᠌ᠭᠰᠠᠨ ᠶᠤᠮ

ᠨᠤᠳᠤᠭ ᠤᠨ ᠨᠣᠢ᠌ᠳᠠᠨ ᠰᠢᠷᠤᠢ ᠪᠠᠨ ᠦᠨᠦᠰᠴᠤ

ᠨᠠᠢ᠌ᠷᠠᠭ ᠤᠨ ᠨᠤᠭᠤᠭᠠᠨ ᠰᠢᠳᠢ ᠪᠠᠷ ᠵᠢᠷᠭᠢᠭ᠍ᠰᠡᠨ ᠶᠤᠮ

ᠨᠠᠢ᠌ᠷᠰᠠᠭ ᠠᠷᠠᠤᠨ ᠶᠢᠡᠨ ᠪᠢᠴᠢᠭ᠌ ᠶᠢᠡᠷ ᠶᠢᠡᠨ ᠰᠡᠷᠭᠦᠭᠡᠵᠤ

ᠨᠠᠪᠳᠠᠭ ᠰᠠᠪᠳᠠᠭ ᠶᠢᠡᠨ ᠪᠢᠯᠢᠭ᠌ ᠶᠢᠡᠷ ᠶᠢᠡᠨ ᠰᠢᠳᠦᠭ᠍ᠰᠡᠨ ᠶᠤᠮ

ᠬᠠᠳᠠᠭᠤᠴᠠᠭᠠᠨ ᠤ ᠠᠷᠠᠯᠳᠤ ᠬᠤᠭᠤᠷ ᠪᠣᠯ ᠴᠢ ᠶᠤᠮ

ᠬᠠᠪᠣᠯᠢᠭ ᠳᠠᠭᠤ ᠴᠢᠨᠢ ᠳᠠᠰᠤᠷᠠᠰᠢ ᠦᠭᠡᠶ ᠬᠠᠩᠭᠢᠨᠠᠨ᠎ᠠ

ᠪᠠᠳᠤᠴᠠᠭᠠᠨ ᠤ ᠭᠠᠯᠳᠤ ᠦᠷ᠎ᠡ ᠪᠣᠯ ᠳᠠ ᠶᠤᠮ

ᠪᠠᠶᠠᠯᠢᠭ ᠨᠠᠪᠴᠢᠰ ᠴᠢᠨᠢ ᠵᠤᠯᠭᠠᠷᠠᠰᠢ ᠦᠭᠡᠶ ᠣᠯᠠᠢ᠌ᠨ᠎ᠠ

ᠣᠨᠠᠭᠠᠨ ᠨᠤᠳᠤᠭ ᠶᠢᠡᠨ ᠡᠭᠡ ᠶᠢᠨ ᠬᠠᠢ᠌ᠷᠠᠳᠠᠢ ᠰᠠᠨᠠᠳᠠᠭ

ᠣᠶᠠᠩᠭ᠋᠎ᠠ ᠶᠢᠨ ᠭᠤᠤᠯ ᠤᠨ ᠠᠳᠤᠭᠤᠴᠢᠨ ᠰᠢᠪᠠᠭᠤ ᠴᠢ ᠪᠠᠢ᠌ᠭᠰᠠᠨ ᠶᠤᠮ

ᠣᠶᠠᠷᠠᠭᠤᠨ ᠠᠶᠠᠰ ᠶᠢᠡᠷ ᠨᠤᠭᠤᠠᠵᠠᠶᠠᠭ᠎ᠠ ᠶᠢ ᠳᠠᠭᠤᠯᠠᠳᠠᠭ

ᠭᠦᠡᠳᠡᠯᠡᠨ ᠭᠤᠤᠯ ᠤᠨ ᠳᠠᠭᠤᠴᠢᠨ ᠰᠢᠪᠠᠭᠤ ᠴᠢ ᠪᠠᠢ᠌ᠭᠰᠠᠨ ᠶᠤᠮ

ᠭᠦᠮᠤᠨ ᠵᠤᠨ ᠳᠠᠭᠠᠨ ᠭᠦᠢᠳᠡᠨ ᠬᠠᠯᠠᠭᠤᠨ ᠳᠤᠳᠤᠷᠠᠭᠤᠨ

ᠪᠠᠭᠠᠳᠤᠷ ᠳᠠᠳᠠᠳᠤᠩᠭ᠋᠎ᠠ ᠶᠢᠨ ᠡᠯᠴᠢ ᠪᠣᠯ ᠴᠢ ᠶᠤᠮ

ᠬᠠᠨᠢ ᠨᠥᠭᠦᠷ ᠲᠡᠭᠡᠨ ᠬᠠᠷ᠎ᠠ ᠰᠢᠭᠤᠷᠭ᠎ᠠ ᠰᠢᠭ ᠰᠢᠷᠦᠭᠦᠨ

ᠪᠠᠰᠢᠷᠳᠤ ᠵᠠᠮᠤᠬ᠎ᠠ ᠶᠢᠨ ᠡᠷᠯᠢᠭ᠌ ᠪᠣᠯ ᠴᠢ ᠶᠤᠮ

ᠬᠠᠢ᠌ᠷ᠎ᠠ ᠪᠠ ᠳᠤᠷᠠᠯᠠᠯ ᠳᠠᠭᠠᠨ ᠬᠠᠳᠠᠨ ᠪᠠᠳᠤ ᠪᠠᠢ᠌ᠳᠠᠭ

ᠬᠠᠯᠠᠭᠤᠨ ᠵᠤᠷᠢᠭᠳᠤ ᠡᠷ᠎ᠡ ᠪᠣᠯ ᠴᠢ ᠪᠠᠢ᠌ᠭᠰᠠᠨ ᠶᠤᠮ

ᠪᠠᠢ᠌ᠭᠠᠯᠢ ᠪᠠ ᠰᠤᠶᠤᠯ ᠳᠠᠭᠠᠨ ᠠᠮᠢᠨ ᠬᠤᠯᠪᠣᠭᠠᠳᠠᠢ ᠪᠠᠢ᠌ᠳᠠᠭ

ᠪᠣᠷᠵᠢᠭᠢᠨ ᠴᠢᠰᠤᠳᠤ ᠭᠦᠤ ᠪᠣᠯ ᠴᠢ ᠪᠠᠢ᠌ᠭᠰᠠᠨ ᠶᠤᠮ

ᠰᠠᠷᠠᠭᠤᠯ ᠣᠬᠠᠭᠠᠨ ᠲᠡᠶ ᠰᠤᠳᠤᠨ ᠴᠢᠨᠠᠷ ᠪᠣᠯ ᠴᠢ ᠶᠤᠮ

ᠰᠠᠢ᠌ᠬᠠᠨ ᠰᠠᠨᠠᠭ᠎ᠠ ᠲᠡᠶ ᠮᠦᠨ ᠴᠢᠨᠠᠷ ᠪᠣᠯ ᠴᠢ ᠶᠤᠮ

ᠠᠷᠤᠤᠬᠠᠨ ᠪᠣᠳᠤᠯ ᠲᠡᠶ ᠮᠤᠩᠭ᠋ᠤᠯ ᠴᠢᠨᠠᠷ ᠪᠣᠯ ᠴᠢ ᠶᠤᠮ

ᠠᠷᠢᠭᠤᠨ ᠰᠡᠳᠭᠢᠯ ᠲᠡᠶ ᠭᠦᠮᠤᠨ ᠴᠢᠨᠠᠷ ᠪᠣᠯ ᠴᠢ ᠶᠤᠮ

ᠣᠶᠠᠭ᠎ᠠ ᠳᠤ ᠰᠣᠢ᠌ᠭᠰᠠᠨ ᠮᠤᠩᠭ᠋ᠤᠯ ᠮᠤᠷᠢ

ᠨᠤᠳᠤᠭ ᠡᠴᠡ ᠪᠠᠨ ᠵᠠᠢ᠌ᠳᠠᠬᠤ ᠶᠤᠰᠤ ᠦᠭᠡᠶ

ᠣᠶᠠᠩᠭ᠋᠎ᠠ ᠶᠢᠨ ᠭᠤᠤᠯ ᠤᠨ ᠳᠠᠭᠤᠴᠢᠨ ᠰᠢᠪᠠᠭᠤ

ᠣᠰᠤᠨ ᠡᠴᠡ ᠪᠠᠨ ᠵᠠᠢ᠌ᠯᠠᠬᠤ ᠣᠴᠢᠷ ᠦᠭᠡᠶ

ᠰᠠᠨᠠᠭ᠎ᠠ ᠳᠠᠢ᠌ᠪᠣᠩ ᠪᠠᠶᠠᠰᠤᠨ ᠪᠠᠢ᠌ᠭᠰᠠᠨ

ᠰᠢᠳᠦᠭᠡᠨ ᠴᠠᠭᠠᠨ ᠨᠤᠳᠤᠭ ᠣᠰᠤᠨ ᠮᠢᠨᠢ

ᠰᠢᠪᠠᠭᠤ ᠪᠠᠨ ᠪᠣᠶᠤ ᠰᠢᠯᠦᠭ᠍ᠴᠢ ᠪᠠᠨ ᠬᠠᠢ᠌ᠷᠠᠯᠠᠵᠤ

ᠰᠡᠳᠭᠢᠯ ᠴᠠᠯᠭᠢᠭᠤᠯᠤᠨ ᠣᠶᠠᠷᠠᠳᠠᠭ ᠶᠤᠮ

ᠽᠠᠮᠪᠣᠯᠢᠩ ᠤᠨ ᠥᠷᠭᠡᠨ ᠵᠠᠢ ᠳᠤ

ᠵᠠᠶᠠᠭ᠎ᠠ ᠪᠦᠳᠤᠨ ᠣᠷᠤᠩᠨᠠᠬᠤ ᠦᠭᠡᠶ ᠴᠤ

ᠰᠤᠯᠤᠩᠭ᠋ᠠᠨ ᠥᠩᠭᠡ ᠲᠡᠶ ᠳᠠᠭᠤ ᠴᠢᠨᠢ

ᠰᠤᠨᠤᠷᠳᠠᠭᠰᠠᠨ ᠪᠦᠭᠦᠨ ᠳᠤ ᠬᠠᠳᠠᠩᠰᠢᠨ᠎ᠠ

ᠠᠷᠯᠠᠨ ᠠᠷᠯᠠᠨ ᠣᠷᠤᠰᠴᠤ

ᠣᠶᠠᠩᠭ᠋᠎ᠠ ᠶᠢᠨ ᠭᠤᠤᠯ ᠣᠷᠳᠤᠰᠤᠨ᠎ᠠ

ᠠᠶᠠᠯᠠᠨ ᠠᠶᠠᠯᠠᠨ ᠵᠢᠷᠭᠢᠵᠤ

ᠣᠷᠠᠯᠢᠭ ᠤᠨ ᠰᠢᠪᠠᠭᠤ ᠮᠥᠩᠭᠡᠷᠡᠨ᠎ᠡ


ᠰᠢᠷᠠᠭᠴᠢᠨ ᠥᠭᠡᠷ ᠵᠢᠯᠤᠨ ᠬᠠᠩᠰᠢᠨ᠎ᠠ

ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠪᠠᠢ·ᠠᠮᠤᠭᠤᠯᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ