ᠨᠡᠪᠲᠡᠷᠡᠨ ᠤᠷᠤᠬᠤ
ᠰᠡᠳᠭᠢᠯ ᠳᠤ ᠮᠢᠨᠢ ᠳᠠ ᠢᠨᠢᠶᠠᠵᠤ ᠰᠠᠭᠤᠨ᠎ᠠ
᠊᠊᠊᠊᠊᠊᠊᠊᠊᠊᠊᠊᠊᠊᠊ ᠨᠠᠢ᠌ᠷᠠᠭᠴᠢ ᠠᠬ᠎ᠠ ᠳ᠋·ᠬᠠᠰᠪᠢᠯᠢᠭ᠌ ᠤᠨ ᠭᠡᠭᠡᠨ ᠳᠤᠷᠠᠰᠬᠠᠯ ᠳ᠋ᠤ

              

  ᠠᠭᠤᠯᠠ ᠥᠭᠡᠳᠡ ᠬᠠᠠᠳᠤᠨ ᠬᠠᠰᠭᠢᠷᠤᠯ᠎ᠠ᠄

  ᠠᠬ᠎ᠠ ᠡ ︕

  ᠨᠠᠮᠤᠷ ᠤᠨ ᠮᠤᠳᠤᠳ ᠰᠡᠭᠦᠯᠴᠢ ᠶᠢᠨ ᠢᠨᠢᠶᠡᠮᠰᠦᠭᠯᠡᠯ ᠶᠢᠡᠷ ᠭᠢᠯᠠᠯᠵᠠᠨ᠎ᠠ

  ᠰᠢᠪ ᠰᠢᠷᠭᠠᠯ


  ᠣᠰᠤ ᠣᠷᠤᠭᠤ ᠬᠠᠠᠳᠤᠨ ᠬᠠᠰᠭᠢᠷᠤᠯ᠎ᠠ᠄

  ᠠᠬ᠎ᠠ ᠡ ︕

  ᠭᠦᠨ ᠨᠠᠭᠤᠷ ᠨᠢᠯᠪᠣᠰᠤᠳᠠᠢ ᠨᠢᠳᠤ ᠰᠢᠭ᠌ ᠴᠠᠯᠠᠯᠵᠠᠨ᠎ᠡ

  ᠮᠠᠯᠠᠰ ᠮᠡᠯᠡᠰ


  ᠲ᠋ᠡᠭ᠍ᠷᠢ ᠥᠭᠡᠳᠡ ᠬᠠᠠᠳᠤᠨ ᠬᠠᠰᠭᠢᠷᠤᠯ᠎ᠠ᠄

  ᠠᠬ᠎ᠠ ᠡ ︕

  ᠬᠤᠷᠠᠭᠠᠨ ᠡᠭᠦᠯᠡᠰ ᠭᠠᠰᠢᠭᠤᠳᠠᠯ ᠤᠨ ᠴᠡᠴᠡᠭ᠌ ᠰᠢᠭ᠌ ᠵᠠᠳᠠᠷᠠᠨ᠎ᠠ

  ᠴᠠᠪ ᠴᠠᠭᠠᠨ


  ᠲ᠋ᠠᠯ᠎ᠠ ᠵᠥᠭ᠌ ᠬᠠᠠᠳᠤᠨ ᠬᠠᠰᠭᠢᠷᠤᠯ᠎ᠠ᠄

  ᠠᠬ᠎ᠠ ᠡ ︕

  ᠠᠭᠤᠳᠠᠮ ᠭᠡᠭᠡᠷ᠎ᠡ ᠭᠦᠮᠤᠨ ᠠᠶᠤᠮᠠᠷ ᠡᠵᠡᠭᠦᠢ

  ᠢᠯᠤᠮ ᠵᠢᠯᠤᠮ


  ᠰᠡᠳᠭᠢᠯ ᠣᠷᠤᠭᠤ ᠪᠠᠨ ᠬᠠᠠᠳᠤᠨ ᠬᠠᠰᠭᠢᠷᠤᠯ᠎ᠠ᠄

  ᠠᠬ᠎ᠠ ᠡ ︕

  ᠠᠬ᠎ᠠ ᠨᠢ ᠡ᠊ᠨᠳᠡ ᠪᠠᠢ᠌ᠨ᠎ᠠ ᠭᠡᠵᠤ ᠢᠨᠢᠶᠠᠵᠤ ᠰᠠᠭᠤᠨ᠎ᠠ

  ᠳ·ᠬᠠ᠊ ᠮᠢᠨᠢ


    

ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ ᠬᠤᠰᠢᠭᠤᠨ ᠤ ᠴᠢᠪᠠᠭ᠎ᠠ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠭᠠ᠊·ᠪᠦᠳᠦᠭᠡᠭ᠍ᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2011 ᠤᠨ ᠤ 10 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ