ᠨᠡᠪᠲᠡᠷᠡᠨ ᠤᠷᠤᠬᠤ
ᠰᠠᠴᠠᠨ ᠥᠭᠡ

ᠠᠭᠤᠯᠠ ᠶᠢᠨ ᠴᠢᠮᠡᠭ᠌ ᠮᠤᠳᠤᠳ

ᠣᠯᠤᠰ ᠤᠨ ᠴᠢᠮᠡᠭ᠌ ᠡᠷᠳᠡᠮᠳᠡᠳ


ᠡᠭᠦᠯᠡ ᠬᠤᠷᠠᠯᠳᠤᠪᠠᠯ ᠬᠤᠷ᠎ᠠ

ᠭᠦᠮᠤᠨ ᠬᠤᠷᠠᠯᠳᠤᠪᠠᠯ ᠭᠦᠴᠤ


ᠰᠠᠢ᠌ᠨ ᠭᠦᠮᠤᠨ ᠤ ᠦᠷ᠎ᠡ ᠶᠢ ᠳᠠᠷᠤᠵᠤ ᠳᠡᠢ᠌ᠯᠭᠦ ᠥᠭᠡᠢ

ᠰᠠᠢ᠌ᠨ ᠪᠣᠯᠠᠭ ᠤᠨ ᠣᠰᠤ ᠵᠢ ᠪᠣᠯᠠᠵᠤ ᠳᠡᠢ᠌ᠯᠭᠦ ᠦᠭᠡᠶ


ᠮᠥᠩᠭᠡ ᠶᠢᠨ ᠨᠠᠢ᠌ᠵᠠ ᠥᠭᠡᠢ

ᠮᠥᠩᠭᠡ ᠶᠢᠨ ᠳᠠᠢ᠌ᠰᠤᠨ ᠥᠭᠡᠢ


ᠬᠠᠪᠣᠷ ᠳᠠᠷᠢᠬᠤ ᠦᠭᠡᠶ ᠪᠣᠯ

ᠨᠠᠮᠤᠷ ᠬᠤᠷᠢᠶᠠᠬᠤ ᠦᠭᠡᠶ


ᠣᠯᠠᠨ ᠤ ᠨᠢᠳᠤ

ᠣᠳᠤ ᠠᠳᠠᠯᠢ


ᠨᠤᠬᠠᠢ ᠬᠤᠴᠠᠬᠤ ᠪᠠᠷ ᠶᠢᠡᠨ ᠬᠤᠴᠠᠭ

ᠳᠡᠮᠡᠭᠡ ᠶᠠᠪᠣᠬᠤ ᠪᠠᠷ ᠶᠢᠡᠨ ᠶᠠᠪᠣᠨ᠎ᠠ


ᠰᠠᠯᠭᠢ ᠦᠭᠡᠶ ᠪᠣᠯ

ᠡᠪᠠᠰᠤᠨ ᠤ ᠣᠷᠤᠢ ᠭᠦᠳᠡᠯᠭᠦ ᠦᠭᠡᠶ


ᠳᠠᠯᠠᠢ ᠳᠤᠳᠤᠷ᠎ᠠ ᠡᠴᠡ

ᠵᠡᠭᠦᠤ ᠡᠷᠢᠭᠦ


ᠶᠠᠭᠠᠷᠠᠭᠰᠠᠨ ᠭᠦᠮᠤᠨ

ᠢᠮᠠᠭ᠎ᠠ ᠳᠡᠵᠢᠭᠡ


ᠢᠳᠡᠭᠡᠮᠵᠢ ᠦᠭᠡᠶ ᠨᠥᠭᠦᠷ

ᠢᠯᠠ ᠳᠠᠢ᠌ᠰᠤᠨ ᠡᠴᠡ ᠭᠡᠴᠡᠭᠦᠤ


ᠠᠭᠤᠯᠠ ᠳᠤ ᠣᠢ᠌ᠷ᠎ᠠ ᠨᠢ ᠮᠤᠳᠤ ᠳᠤᠢᠯᠠᠨ᠎ᠠ

ᠣᠰᠤᠨ ᠳᠤ ᠣᠢ᠌ᠷ᠎ᠠ ᠨᠢ ᠵᠢᠭᠠᠰᠤ ᠢᠳᠠᠨ᠎ᠠ


ᠰᠠᠯᠭᠢᠨ ᠤ ᠠᠶ᠎ᠠ ᠪᠠᠷ

ᠣᠩᠭ᠋ᠤᠴᠠ ᠰᠡᠯᠢᠭᠦ


ᠳᠤᠭᠤᠯ ᠨᠢ ᠮᠥᠭᠡᠷᠡᠭᠦ ᠦᠭᠡᠶ ᠪᠣᠯ

ᠡᠭᠡ ᠨᠢ ᠡᠨᠡᠷᠢᠭᠦ ᠦᠭᠡᠶ


ᠴᠢᠭᠢ ᠶᠢ ᠨᠢ ᠳᠠᠳᠠᠪᠠᠯ

ᠵᠠᠪᠠᠵᠢ ᠨᠢ ᠭᠦᠳᠡᠯᠦᠨ᠎ᠡ


ᠠᠮᠢ ᠪᠠᠨ ᠪᠣᠳᠤᠭᠰᠠᠨ ᠭᠦᠮᠤᠨ

ᠠᠢ᠌ᠯ ᠲᠡᠶ ᠪᠠᠨ ᠳᠠᠭᠠᠷᠠᠬᠤ ᠦᠭᠡᠶ


ᠵᠢᠰᠤᠨ ᠤ ᠠᠮᠠᠷᠠᠭ ᠡᠴᠡ ᠵᠢᠷᠦᠭᠡᠨ ᠤ ᠠᠮᠠᠷᠠᠭ

ᠵᠡᠭᠦᠳᠤᠨ ᠤ ᠮᠡᠷᠭᠡᠨ ᠡᠴᠡ ᠶᠠᠷᠤ ᠶᠢᠨ ᠮᠡᠷᠭᠡᠨ


ᠡᠳ᠋ ᠠᠰᠢᠭ ᠢ ᠠᠯᠳᠠᠪᠠᠯ ᠡᠭᠡᠭᠦᠯᠭᠦ ᠳᠤ ᠭᠢᠯᠪᠠᠷ

ᠡᠷᠭᠢᠮ ᠠᠯᠳᠠᠷ ᠢ ᠭᠤᠳᠤᠭᠠᠪᠠᠯ ᠰᠡᠷᠭᠦᠭᠡᠭᠦ ᠳᠤ ᠪᠠᠷᠭᠡ


ᠥᠩᠭᠡᠷᠡᠭᠦ ᠴᠠᠭ ᠡᠷᠭᠢᠯᠳᠡ ᠦᠭᠡᠶ

ᠥᠰᠭᠦ ᠨᠠᠰᠤᠨ ᠪᠣᠴᠠᠯᠳᠠ ᠦᠭᠡᠶ


ᠵᠠᠯᠠᠭᠤ ᠡᠴᠨ ᠪᠠᠨ ᠰᠠᠢ᠌ᠨ ᠶᠠᠪᠣᠪᠠᠯ

ᠵᠠᠵᠢᠨ ᠦᠰᠦ ᠴᠠᠢ᠌ᠪᠠᠴᠤ ᠭᠡᠮᠰᠢᠭᠦ ᠦᠭᠡᠶ


ᠳᠠᠭᠤᠳᠠᠬᠤ ᠨᠠᠷ᠎ᠠ ᠶᠢ ᠡᠵᠢ ᠠᠪᠣ ᠥᠭ᠍ᠳᠡᠭ᠌

ᠳᠠᠭᠤᠷᠢᠰᠬᠤ ᠨᠠᠷ᠎ᠠ ᠶᠢ ᠣᠯᠠᠨ ᠲᠦᠮᠡᠨ ᠥᠭ᠍ᠳᠡᠭ᠌


ᠪᠠᠶ᠎ᠠ ᠪᠠᠨ ᠮᠠᠳᠠᠪᠠᠯ ᠭᠦᠮᠤᠨ

ᠪᠠᠯᠴᠢᠭᠡᠷ ᠶᠢᠡᠨ ᠳᠠᠨᠢᠪᠠᠯ ᠮᠠᠯ


ᠥᠭᠡᠷ ᠳᠡᠷᠭᠡ ᠣᠳᠠᠭᠠᠨ ᠳᠤ ᠪᠠᠨ

ᠳᠠᠤᠯᠠᠢ ᠶᠢ ᠭᠦᠭᠡᠭᠡᠵᠤ ᠭᠦᠢᠴᠡᠨ᠎ᠡ


ᠡᠪᠦᠯ ᠤᠨ ᠭᠦᠢᠳᠡᠨ ᠬᠠᠪᠣᠷ ᠲᠤ

ᠡᠪᠦᠭᠡᠳ ᠤᠨ ᠭᠡᠷᠰᠡᠤ ᠬᠡᠦᠬᠡᠳ ᠲᠤ


ᠶ‍ᠢᠰᠤ ᠳᠡᠭᠡᠷ᠎ᠡ ᠴᠠᠰᠤ ᠲᠡᠶ ᠪᠣᠯ

ᠹᠦ ᠳᠡᠭᠡᠷ᠎ᠡ ᠪᠣᠷᠤᠭᠠᠨ ᠲᠡᠶ


ᠰᠠᠢ᠌ᠨ ᠬᠠᠪᠣᠷ ᠴᠠᠰᠤ ᠲᠡᠶ

ᠮᠠᠭᠤ ᠨᠠᠮᠤᠷ ᠪᠣᠷᠤᠭᠠᠨ ᠲᠡᠶ


ᠡᠪᠦᠯ ᠭᠦᠢᠳᠡᠨ ᠪᠣᠯ ᠪᠣᠷᠤᠭᠠᠨ ᠶᠡᠭᠡ

ᠵᠤᠨ ᠰᠡᠷᠢᠭᠦᠨ ᠪᠣᠯ ᠬᠠᠭᠰᠠᠷᠠᠭᠠᠨ ᠶᠡᠭᠡ


ᠥᠷᠯᠦᠭᠡ ᠮᠠᠨᠠᠠᠳᠠᠪᠠᠯ

ᠡᠳᠦᠷ ᠳᠤᠩᠭ᠋ᠠᠯᠠᠭ


ᠳᠠᠭᠤᠳᠤ ᠳᠡᠭ᠍ᠷᠢ ᠪᠣᠷᠤᠭᠠᠨ ᠦᠭᠡᠶ

ᠴᠤᠤᠳᠤ ᠦᠬᠢᠨ ᠬᠤᠷᠢᠮ ᠦᠭᠡᠶ


ᠣᠷᠤᠬᠤ ᠳᠡᠭ᠍ᠷᠢ ᠶᠢᠨ

ᠣᠷᠤᠢ ᠨᠢ ᠴᠤᠭᠤᠷᠬᠠᠢ


ᠬᠠᠪᠣᠷ ᠤᠨ ᠰᠠᠯᠭᠢ

ᠬᠠᠪᠢᠷᠭ᠎ᠠ ᠨᠠᠪᠳᠠ


ᠴᠤᠪᠣᠵᠤ ᠶᠠᠪᠣᠭᠰᠠᠨ ᠪᠠᠷᠰ ᠡᠴᠡ

ᠴᠤᠭᠯᠠᠷᠠᠵᠤ ᠰᠠᠭᠤᠭᠰᠠᠨ ᠱᠠᠭᠠᠵᠠᠭᠠᠢ ᠳᠡᠭᠡᠷ᠎ᠡ


ᠪᠠᠶ᠎ᠠ ᠪᠠᠢ᠌ᠪᠠᠯ

ᠪᠠᠭᠡᠵᠢᠩ


ᠭᠡᠷᠡᠭᠯᠡᠭᠦ ᠦᠶ᠎ᠡ ᠳᠤ

ᠭᠡᠷᠢᠶᠡᠨ ᠨᠢᠳᠤ ᠮᠢᠩᠭ᠋ᠠᠨ ᠯᠠᠩ


ᠵᠤᠪᠠᠭᠤᠷᠢ ᠨᠢ ᠡᠮᠦᠨ᠎ᠡ

ᠵᠢᠷᠭᠠᠯ ᠨᠢ ᠬᠣᠢ᠌ᠨ᠎ᠠ


ᠰᠦᠰᠦ ᠶᠢ ᠠᠮᠳᠠᠯᠠᠬᠤ ᠦᠭᠡᠶ ᠪᠣᠯ

ᠭᠠᠰᠢᠭᠤᠨ ᠢ ᠮᠡᠳᠡᠭᠦ ᠦᠭᠡᠶ


ᠨᠢᠭᠡ ᠥᠭᠡᠷ ᠤᠨ ᠡᠪᠠᠷ ᠢ ᠴᠤᠭᠢᠬᠤ ᠳᠤ

ᠮᠢᠩᠭ᠋ᠠᠨ ᠥᠭᠡᠷ ᠤᠨ ᠡᠪᠠᠷ ᠰᠢᠬᠠᠷᠠᠨ᠎ᠠ


ᠮᠢᠬ᠎ᠠ ᠳᠠᠷᠭᠤᠨ ᠪᠣᠯ

ᠱᠦᠯᠦ ᠨᠢ ᠳᠤᠰᠤ ᠲᠡᠶ


《ᠮᠤᠩᠭ᠋ᠤᠯ ᠬᠡᠦᠬᠡᠳ ᠤᠨ ᠠᠮᠠᠨ ᠵᠤᠬᠢᠶᠠᠯ ᠤᠨ ᠴᠢᠭᠤᠯᠭᠠᠨ》 ᠡᠴᠡ ᠪᠠᠭᠤᠯᠭᠠᠪᠠ

ᠵᠤᠬᠢᠶᠠᠭᠴᠢ᠄ ᠤᠶᠤᠨᠭᠡᠷᠡᠯ ᠪᠠᠭᠤᠯᠭᠠᠪᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7455
ᠴᠠᠭ᠄ 2009 ᠤᠨ ᠤ 12 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ