ᠨᠡᠪᠲᠡᠷᠡᠨ ᠤᠷᠤᠬᠤ
ᠬᠤᠤᠯᠢᠨ

ᠴᠢᠮᠡᠭᠡ ᠥᠭᠡᠢ᠌ᠭᠡᠨ ᠵᠢᠳᠭᠦᠵᠤ ᠢᠷᠡᠳᠡᠭ᠌

ᠰᠡᠳᠭᠢᠯ ᠤᠨ ᠶᠡᠭᠡ ᠨᠥᠰᠦᠷᠭᠡᠨ

ᠣᠰᠤᠨ ᠳᠤ ᠴᠢᠨᠢ ᠳᠤᠨᠤᠭᠠᠤᠨ

ᠣᠳᠠᠳᠠᠭ ᠯᠠ ᠶᠤᠮ ᠡ

ᠬᠤᠤᠯᠢᠨ

ᠤᠶᠠᠩ‍ᠭ᠎ᠠ ᠶᠢᠨ ᠴᠡᠭᠡᠯᠭᠡᠨ ᠨᠤᠲ᠋

ᠣᠷᠤᠰᠬᠠᠯ ᠢ ᠴᠢᠨᠢ ᠭᠦᠭ᠍ᠵᠢᠮᠳᠡᠵᠤ

ᠲᠦᠰᠢᠶᠠᠳᠤ ᠲᠦᠮᠡᠨ ᠶᠢᠡᠷ ᠵᠢᠠᠨ

ᠰᠤᠨᠤᠷ ᠪᠠᠶᠠᠰᠬᠤᠯᠠᠩ

ᠬᠤᠤᠯᠢᠨ

ᠮᠥᠩᠭᠡ ᠬᠠᠨ ᠤ ᠭᠡᠦᠭᠡᠨ ᠰᠠᠷᠢᠳᠠᠭ

ᠮᠦᠩᠭᠦᠨ ᠳᠤᠯᠭᠢᠶ᠎ᠠ ᠶᠢ ᠴᠢᠨᠢ

ᠭᠡᠷᠡᠯ ᠶᠢᠡᠷ ᠭᠢᠯᠪᠠᠭᠤᠯᠵᠤ ᠭᠦᠵᠦᠭᠦᠨ ᠳᠡᠭᠡᠨ ᠡᠯᠭᠦᠴᠢᠭᠡᠭᠡᠳ

ᠳᠠᠢ᠌ᠪᠣᠭᠤᠬᠠᠨ ᠮᠥᠰᠢᠶᠡᠳᠡᠭ᠌ ᠡ

ᠬᠤᠤᠯᠢᠨ

ᠬᠤᠯᠠᠨ ᠤ ᠭᠤᠤᠯ ᠭᠡᠵᠤ

ᠬᠤᠭᠤᠯᠠᠢ ᠶᠢᠨ ᠭᠤᠤᠯ ᠭᠡᠵᠤ

ᠬᠤᠭᠤᠯᠠ ᠶᠢᠨ ᠭᠤᠤᠯ ᠭᠡᠵᠤ

ᠬᠠᠭᠤᠴᠢᠯᠠᠳᠠᠭ ᠪᠠᠢ᠌ᠳᠠᠭ ᠡ

ᠬᠤᠤᠯᠢᠨ

ᠦᠷᠤᠴᠠ ᠪᠠᠨ ᠠᠭᠤᠳᠠᠯᠠᠭᠤᠯᠴᠢᠬᠠᠭᠠᠤᠨ

ᠦᠷ᠎ᠡ ᠮᠢᠨᠢ ᠶᠠᠭᠠᠭᠢᠬᠤ ᠪᠣᠢ ᠭᠡᠵᠤ

ᠡᠮᠳᠡᠷᠡᠵᠤ ᠣᠭᠢᠯᠠᠳᠠᠭ ᠡᠭᠡ ᠳᠡᠯᠡᠭᠡᠢ ᠪᠠᠨ

ᠵᠢᠷᠦᠭᠡ ᠪᠠᠷ ᠶᠢᠡᠨ ᠠᠷᠭᠠᠳᠠᠵᠤ ᠳᠠᠢ᠌ᠪᠣᠰᠢᠷᠠᠳᠠᠭ

ᠬᠤᠤᠯᠢᠨ

ᠡᠮᠳᠡᠷᠭᠡᠢ ᠬᠠ‍‌ᠶᠢᠭ ᠳᠠᠢ

ᠡᠷᠳᠡᠨ ᠤ ᠨᠢᠭᠡᠨ ᠳᠤᠮᠤᠭ

ᠡᠪᠦᠭᠡ ᠳᠡᠭᠡᠳᠦᠰ ᠤᠨ ᠡᠨᠡ ᠨᠤᠳᠤᠭ ᠵᠢᠠᠷ

ᠴᠢᠬᠤᠯᠳᠠᠩᠭ᠋ᠤᠢ ᠠᠮᠢᠰᠬᠤᠯᠠᠨ᠎ᠠ

ᠬᠤᠤᠯᠢᠨ

ᠡᠩᠭᠡ ᠳᠤᠭᠳᠠᠨᠢᠯ ᠤᠨ ᠳᠠᠭᠤᠯᠠᠯ

ᠵᠠᠭᠤᠨ ᠵᠠᠭᠤᠨ ᠵᠢᠠᠷ

ᠡᠷᠭᠢᠨ ᠳᠡᠭᠡᠷ᠎ᠡ ᠴᠢᠨᠢ

ᠦᠷᠠᠯᠠᠨ ᠳᠡᠯᠭᠡᠷᠡᠨ᠎ᠡ

ᠬᠤᠤᠯᠢᠨ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠬᠤᠤᠰᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2620
ᠴᠠᠭ᠄ 2011 ᠤᠨ ᠤ 06 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ