☆ ᠮᠠᠰᠢᠵᠢᠷᠭᠠᠯ
ᠬᠠᠪᠣᠳᠤ ᠬᠠᠰᠠᠷ ᠤᠨ ᠡᠷᠡᠯᠭᠡᠭ᠌ ᠬᠣᠢ᠌ᠴᠢᠰ ᠊᠊᠊᠊᠊᠊᠊᠊᠊᠊᠊᠊᠊᠊᠊ ᠴᠠᠰᠤᠳᠤ ᠮᠤᠩᠭ᠋ᠤᠯᠴᠤᠳ
ᠬᠠᠳᠠ ᠴᠢᠯᠠᠭᠤᠨ ᠡᠴᠡ ᠬᠠᠭᠠᠷᠠᠵᠤ ᠭᠠᠷᠤᠭᠰᠠᠨ
ᠬᠠᠮᠤᠭ ᠮᠤᠩᠭ᠋ᠤᠯ ᠤᠨ ᠨᠢᠭᠡ ᠮᠥᠭᠦᠯᠢᠭ᠌᠂
ᠬᠠᠳᠠᠭᠤ ᠳᠡᠦᠭᠡ ᠳᠤ ᠰᠣᠢ᠌ᠷᠠᠭᠠ ᠥᠭᠡᠢ
ᠬᠠᠪᠣᠳᠤ ᠬᠠᠰᠠᠷ ᠤᠨ ᠡᠷᠡᠯᠭᠡᠭ᠌ ᠬᠣᠢ᠌ᠴᠢᠰ ᠊᠊᠊᠊᠊᠊᠊᠊᠊᠊᠊᠊᠊᠊᠊ ᠬᠤᠱᠤᠳ ᠮᠤᠩᠭ᠋ᠤᠯ᠃
ᠮᠥᠩᠭᠡ ᠬᠠᠢ᠌ᠷᠬᠠᠨ ᠡᠴᠠ ᠣᠠᠳᠤᠷᠤᠨ ᠭᠠᠷᠤᠭᠰᠠᠨ
ᠮᠤᠩᠭ᠋ᠤᠯ ᠤᠢ᠌ᠷᠠᠤᠨ ᠤᠨ ᠰᠠᠯᠪᠣᠷᠢ
ᠮᠥᠩᠭᠡ ᠳᠡᠦᠭᠡ ᠶᠢᠨ ᠬᠠᠳᠠᠭᠤ ᠳᠠᠯᠢᠰᠳᠤ
ᠮᠤᠩᠭ᠋ᠤᠯ ᠣᠭᠰᠠᠭ᠎ᠠ ᠊᠊᠊᠊᠊᠊᠊᠊᠊᠊᠊᠊᠊᠊᠊ ᠴᠠᠰᠤᠳᠤ ᠮᠤᠩᠭ᠋ᠤᠯᠴᠤᠳ᠃
ᠳ᠋ᠠᠩ ᠤᠨ ᠭᠤᠤᠯ ᠤᠨ ᠣᠰᠤᠨ ᠡᠴᠡ ᠵᠠᠳᠠᠷᠠᠨ ᠭᠠᠷᠤᠭᠰᠠᠨ
ᠳᠡᠭᠡᠳᠤ ᠮᠤᠩᠭ᠋ᠤᠯ ᠤᠨ ᠣᠷᠤᠰᠬᠠᠯ
ᠳᠠᠷᠬᠠᠨ ᠳᠡᠦᠭᠡ ᠶᠢᠨ ᠵᠠᠶᠠᠭ᠎ᠠ ᠮᠦᠷᠳᠡᠭ᠍ᠰᠡᠨ
ᠳᠠᠷᠤᠤ ᠪᠠᠭᠠᠳᠤᠷ ᠊᠊᠊᠊᠊᠊᠊᠊᠊᠊᠊᠊᠊᠊᠊ ᠰᠦᠪᠧᠢ ᠮᠤᠩᠭ᠋ᠤᠯᠴᠤᠳ᠃
ᠦᠨᠡᠨ ᠭᠦ ᠮᠤᠩᠭ᠋ᠤᠯ ᠰᠡᠳᠭᠢᠯ ᠣᠨ ᠵᠭᠠᠤᠨ ᠤ ᠰᠠᠯᠭᠢᠨ ᠳᠤ ᠣᠯᠠᠷᠢᠵᠤ ᠬᠤᠪᠢᠷᠠᠠᠠᠰᠠᠨ ᠦᠭᠡᠶ
ᠦᠨᠡᠨ ᠭᠦ ᠮᠤᠩᠭ᠋ᠤᠯ ᠵᠠᠩᠰᠢᠯ ᠣᠷᠳᠤ ᠣᠳᠠᠭᠠᠨ ᠳᠡᠦᠭᠡ ᠳᠤ ᠬᠠᠢ᠌ᠯᠠᠭᠰᠠᠨ ᠥᠭᠡᠢ
ᠵᠠᠶᠠᠭ᠎ᠠ ᠮᠦᠷᠳᠠᠨ ᠵᠠᠮ ᠶᠢᠡᠨ ᠠᠯᠳᠠᠭ᠎ᠠ ᠦᠭᠡᠶ ᠶᠠᠪᠣᠭᠰᠠᠨ ᠴᠠᠰᠤᠳᠤ ᠮᠤᠩᠭ᠋ᠤᠯᠴᠤᠳ
ᠽᠠᠮᠪᠣᠯᠢᠩ ᠤᠨ ᠳᠤᠮᠳᠠ ᠪᠠᠢ᠌ᠭᠠᠯᠢᠯᠢᠭ ᠠᠮᠢᠳᠤᠷᠠᠭᠰᠠᠨ ᠮᠤᠩᠭ᠋ᠤᠯᠴᠤᠳ ︕
ᠵᠤᠬᠢᠶᠠᠭᠴᠢ ᠶᠢᠨ ᠬᠠᠶᠢᠭ ᠄ ᠄ ᠰᠦᠪᠧᠢ ᠰᠢᠶᠠᠨ ᠤ ᠠᠷᠠᠤᠨ ᠤᠨ ᠵᠠᠰᠠᠭ ᠤᠨ ᠣᠷᠳᠤᠨ ᠤ ᠠᠯᠪᠠᠨ ᠭᠡᠷ
ᠵᠤᠬᠢᠶᠠᠭᠴᠢ᠄ ᠮᠠᠰᠢᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2012 ᠤᠨ ᠤ 10 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ