ᠨᠡᠪᠲᠡᠷᠡᠨ ᠤᠷᠤᠬᠤ
ᠡᠵᠢ ᠪᠣᠷᠬᠠᠨ ᠮᠢᠨᠢ

ᠰᠠᠷᠠ ᠨᠠᠷᠠᠨ ᠤ ᠬᠤᠭᠤᠷᠤᠠᠳᠤ

ᠰᠥ᠋ ᠡᠷᠭᠦᠵᠤ ᠵᠠᠮ ᠳᠠᠳᠠᠭᠤᠯᠤᠭᠰᠠᠨ

ᠰᠠᠨᠠᠬᠤ ᠮᠠᠳᠠᠬᠤ ᠶᠢᠨ ᠵᠠᠢ ᠳᠤ

ᠰᠡᠳᠭᠢᠯ ᠶᠢᠡᠨ ᠵᠥᠭᠡᠭᠡᠵᠤ ᠠᠮᠢᠳᠤᠷᠠᠭᠰᠠᠨ

ᠵᠥᠭᠡᠯᠡᠨ ᠰᠢᠷᠭᠠᠯ ᠠᠶᠠᠯᠭᠤ ᠪᠠᠷ

ᠦᠷ᠎ᠡ ᠳᠡᠭᠡᠨ ᠳᠡᠪᠢᠰᠭᠡᠷ ᠵᠠᠰᠠᠭᠰᠠᠨ

ᠵᠥᠭᠡᠭᠡᠢ ᠠᠷᠭᠢᠯ ᠴᠠᠢ ᠪᠠᠷ

ᠳᠡᠭᠡᠵᠢ ᠶᠤ ᠪᠠᠨ ᠵᠡᠭᠡᠭ᠍ᠰᠡᠨ

ᠬᠠᠪᠣᠷ ᠤᠨ ᠰᠢᠷᠭᠠᠯ ᠡᠳᠦᠷ ᠤᠳ ᠳᠤ

ᠭᠦᠤ ᠪᠠᠨ ᠭᠦᠯᠢᠶᠡᠵᠤ ᠭᠡᠭᠡᠯᠵᠡᠭ᠍ᠰᠡᠨ

ᠬᠠᠯᠠᠭᠤᠨ ᠴᠠᠢ ᠲᠡᠶ ᠣᠭᠳᠤᠬᠤ ᠭᠡᠵᠤ

ᠭᠠᠯ ᠶᠢᠡᠨ ᠵᠡᠭᠡᠭᠯᠡᠨ ᠦᠷᠳᠦᠭ᠍ᠰᠡᠨ

ᠪᠢ ᠊᠊᠊᠊᠊᠊᠊᠊᠊᠊᠊᠊᠊᠊᠊

ᠮᠤᠩᠭ᠋ᠤᠯ ᠤᠨ ᠭᠦᠭᠡ ᠳᠡᠭ᠍ᠷᠢ ᠳᠤᠤᠷ᠎ᠠ

ᠭᠠᠭᠴᠠᠬᠠᠨ ᠡᠵᠢ ᠲᠡᠶ ᠭᠦᠮᠤᠨ

ᠪᠢ ᠊᠊᠊᠊᠊᠊᠊᠊᠊᠊᠊᠊᠊᠊᠊

ᠮᠤᠷᠢᠨ ᠬᠤᠭᠤᠷ ᠤᠨ ᠡᠭᠡᠰᠢᠭ᠌

ᠶᠠᠳᠤᠭ᠎ᠠ ᠶᠢᠨ ᠠᠶᠠᠯᠭᠤ ᠰᠢᠭ᠌

ᠣᠶᠠᠬᠠᠨ ᠡᠵᠢ ᠲᠡᠶ ᠭᠦᠮᠤᠨ

ᠭᠠᠷ ᠤᠨ ᠶᠢᠡᠨ ᠣᠷ᠎ᠠ ᠪᠠᠷ

ᠰᠢᠭᠦᠳᠡᠷᠢ ᠶᠢᠨ ᠣᠰᠤ ᠶᠢ ᠣᠷᠠᠯᠠᠵᠤ

ᠭᠤᠤᠯ ᠤᠨ ᠬᠠᠢ᠌ᠷᠠᠳᠠᠢ ᠭᠦᠤ ᠪᠠᠨ

ᠰᠢᠪᠠᠭᠤᠳ ᠤᠨ ᠭᠠᠩᠭ᠋ᠠᠨᠠᠭ᠎ᠠ ᠲᠡᠶ ᠬᠠᠢ᠌ᠭᠰᠠᠨ

ᠬᠠᠷ᠎ᠠ ᠴᠠᠭᠠᠨ ᠵᠡᠷᠭᠡᠯᠭᠡᠨ ᠳ᠋ᠤ

ᠬᠠᠶ᠎ᠠ ᠨᠢᠭᠡ ᠭᠡᠨᠡᠳᠡᠵᠤ

ᠬᠠᠷᠠᠬᠠᠨ ᠨᠢᠳᠤᠨ ᠤ ᠪᠠᠨ ᠨᠢᠯᠪᠣᠰᠤ ᠵᠢ

ᠵᠤᠪᠭᠢᠨ ᠴᠠᠭᠠᠨ᠎ᠠ ᠪᠠᠨ ᠨᠢᠭᠤᠭᠰᠠᠨ

ᠪᠣᠷᠬᠠᠨ ᠡᠵᠢ ᠮᠢᠨᠢ

ᠮᠡᠷᠭᠡ ᠶᠢᠨ ᠶᠢᠡᠨ ᠶ‍ᠢᠰᠤᠨ ᠴᠢᠯᠠᠭᠤᠨ ᠡᠴᠠ

ᠣᠴᠠᠷᠠᠯ ᠤᠨ ᠳᠠᠪᠢᠯᠠᠩ ᠭᠤᠶᠤᠭᠰᠠᠨ

ᠮᠠᠠᠳᠤ ᠶᠢᠨ ᠴᠡᠩᠭᠡᠷ ᠬᠠᠳᠠᠭ ᠳᠠᠢ

ᠭᠦᠷᠦᠭᠡᠳ ᠢᠷᠡᠭᠦ ᠶᠢ ᠭᠦᠯᠢᠶᠡᠭ᠍ᠰᠡᠨ

ᠨᠤᠭᠤᠭᠠᠨ ᠳ᠋ᠠᠷᠢ ᠡᠭᠡ

ᠴᠠᠭᠠᠨ ᠳ᠋ᠠᠷᠢ ᠡᠭᠡ ᠮᠢᠨᠢ

ᠮᠢᠨᠤ ᠊᠊᠊᠊᠊᠊᠊᠊᠊᠊᠊᠊᠊᠊᠊

ᠪᠣᠷᠬᠠᠨ ᠡᠵᠢ ᠮᠢᠨᠢ ᠡ︕


ᠵᠤᠬᠢᠶᠠᠭᠴᠢ ᠶᠢᠨ ᠬᠠᠶ‍ᠢᠭ᠄ ᠬᠠᠢ᠌ᠯᠠᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2813
ᠴᠠᠭ᠄ 2010 ᠤᠨ ᠤ 05 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ