ᠨᠡᠪᠲᠡᠷᠡᠨ ᠤᠷᠤᠬᠤ
ᠳᠤᠮᠤᠭ ᠥᠳᠡᠯᠡᠳᠡᠭ᠌ ᠳᠠᠯ᠎ᠠ

ᠾᠥᠩᠨᠤ ᠱᠢᠶᠤᠩᠨᠤ ᠶᠢᠨ ᠡᠭᠢ ᠡᠭᠦᠰᠦᠯ

《ᠬᠠᠳᠠᠨ ᠵᠢᠷᠤᠭ》 ᠡᠴᠡ ᠡᠭᠢᠯᠡᠳᠡᠭ᠌ ᠪᠣᠯᠬᠤᠷ

ᠪᠠᠯᠠᠷᠠᠰᠠᠢ ᠦᠭᠡᠶ ᠳᠡᠦᠭᠡᠨ ᠣᠯᠠ ᠮᠦᠷ ᠢ ᠭᠡᠯᠭᠢᠵᠤ

ᠪᠠᠭᠠᠳᠤᠷ ᠣᠮᠤᠭ ᠶᠢᠡᠨ ᠳᠠᠭᠤᠷᠢᠰᠤᠭᠤᠯᠤᠭᠰᠠᠨ ᠶᠤᠮ

ᠡᠷᠭᠦᠨ᠎ᠡ ᠬᠤᠨ ᠤ ᠪᠣᠭᠤᠷᠤᠯ ᠳᠤᠮᠤᠭ

ᠡᠴᠢᠨ᠎ᠡ ᠨᠢᠭᠤᠴᠠᠬᠠᠢ ᠴᠠᠳᠢᠭ ᠲᠡᠶ ᠪᠣᠯᠬᠤᠷ

ᠣᠨ ᠴᠠᠭ ᠤᠨ ᠠᠶᠤᠯ ᠪᠠᠷᠭᠡ ᠶᠢ ᠳᠠᠯᠳᠠᠯᠠᠵᠤ

《ᠣᠨᠢᠰᠤᠭ᠎ᠠ》 ᠪᠣᠯᠤᠨ ᠥᠯᠡᠳᠡᠭ᠍ᠰᠡᠨ ᠶᠤᠮ

ᠪᠦᠷᠳᠡ ᠴᠢᠨ᠋ᠸ᠎ᠠ᠂ ᠬᠤᠧᠨ ᠮᠠᠷᠠᠯ ᠤᠨ ᠣᠭᠰᠠᠭ᠎ᠠ

ᠪᠦᠭᠦᠳᠡ ᠮᠤᠩᠭ᠋ᠤᠯ ᠤᠨ ᠣᠳᠤᠮ ᠳᠠᠮᠵᠢᠭᠰᠠᠨ ᠪᠣᠯᠬᠤᠷ

ᠳᠡᠭᠡᠳᠦᠰ ᠤᠨ ᠣᠬᠠᠭᠠᠨ᠂ ᠠᠷᠢᠭᠤᠨ ᠴᠢᠰᠤ

ᠳᠡᠯᠡᠭᠡᠢ ᠶᠢᠨ ᠰᠤᠳᠠᠯ ᠳᠤ ᠯᠤᠭᠰᠢᠭᠰᠠᠨ ᠶᠤᠮ

ᠭᠦᠭᠡ ᠳᠤᠯᠪᠣᠳᠠᠨ ᠤ ᠴᠤᠤᠳᠤ ᠠᠯᠳᠠᠷ ᠢ

《ᠭᠦᠮᠤᠨ ᠴᠢᠯᠠᠭᠤ》 ᠭᠡᠷᠡᠴᠢᠯᠡᠭᠦ ᠪᠣᠯᠬᠤᠷ

ᠭᠦᠳᠡᠰᠤᠨ ᠳᠡᠯᠡᠭᠡᠢ ᠶᠢᠨ ᠦᠷᠤ ᠳᠡᠭᠡᠷ᠎ᠡ

ᠭᠦᠰᠢᠶ᠎ᠡ ᠳᠤᠷᠠᠰᠬᠠᠯ ᠪᠣᠯᠤᠨ ᠮᠥᠩᠭᠡᠷᠡᠭ᠍ᠰᠡᠨ ᠶᠤᠮ

ᠮᠥᠩᠭᠡ ᠭᠦᠭᠡ ᠳᠡᠭ᠍ᠷᠢ ᠪᠠᠨ

《ᠳᠤᠭ》 ᠊ᠤᠨ ᠥᠩᠭᠡ ᠪᠠᠷ ᠰᠢᠳᠦᠳᠡᠭ᠌ ᠪᠣᠯᠬᠤᠷ

ᠮᠤᠩᠭ᠋ᠤᠯ ᠨᠤᠳᠤᠭ ᠤᠨ ᠰᠢᠷᠤᠢ ᠳᠡᠭᠡᠷ᠎ᠡ

ᠳᠤᠭᠤᠷᠠᠢ ᠶᠢᠨ ᠣᠷᠤᠮ ᠤᠨ ᠳᠠᠮᠠᠭ᠎ᠠ ᠲᠡᠶ ᠶᠤᠮ

ᠮᠤᠩᠭ᠋ᠤᠯ ᠶᠢᠠᠨ ᠰᠤᠶᠤᠷᠬᠠᠭᠰᠠᠨ ᠳᠤᠭᠰᠢᠨ ᠬᠠᠷ᠎ᠠ ᠰᠦᠯᠳᠡ

ᠮᠤᠷᠢᠨ ᠨᠢᠷᠤᠭᠤᠨ ᠳᠡᠭᠡᠷ᠎ᠡ ᠠᠯᠳᠠᠷ ᠶᠢᠡᠨ ᠡᠷᠭᠦᠭ᠍ᠰᠡᠨ ᠪᠣᠯᠬᠤᠷ

ᠳᠢᠪ ᠳᠡᠯᠡᠭᠡᠢ ᠶᠢ ᠳᠦᠷᠦᠭᠡᠨ ᠳᠤᠤᠷ᠎ᠠ ᠪᠠᠨ ᠴᠡᠴᠡᠷᠡᠭᠦᠯᠵᠤ

ᠳᠡᠦᠭᠡ ᠨᠠᠮᠳᠠᠷ ᠶᠢᠡᠨ ᠪᠣᠰᠤᠭ᠎ᠠ ᠥᠰᠦᠭ᠌ ᠪᠠᠷ ᠪᠢᠴᠢᠭᠯᠡᠭ᠍ᠰᠡᠨ ᠶᠤᠮ

ᠡᠯᠢᠭᠡᠨ ᠭᠦᠷᠡᠩ ᠠᠭᠤᠯᠠᠰ ᠤᠨ ᠵᠢᠠᠨ

ᠨᠦᠮᠦᠷᠢ ᠳᠠᠭᠠᠭᠠᠨ ᠪᠠᠭᠤᠷᠢᠯᠠᠳᠠᠭ ᠪᠣᠯᠬᠤᠷ

ᠡᠭᠡᠯᠵᠢᠯᠡᠭᠦ ᠳᠦᠷᠪᠠᠨ ᠣᠯᠠᠷᠢᠯ ᠶᠢᠡᠨ

ᠨᠡᠭᠦᠳᠡᠯ ᠤᠨ ᠴᠤᠪᠣᠭ᠎ᠠ ᠪᠠᠷ ᠠᠷᠭᠠᠳᠠᠳᠠᠭ ᠶᠤᠮ

ᠨᠠᠢ᠌ᠷ ᠤᠨ ᠮᠡᠡᠭᠯᠡᠢ ᠡᠷ᠎ᠡ ᠶᠢᠨ ᠭᠤᠷᠪᠠᠨ ᠨᠠᠭᠠᠳᠤᠮ

ᠨᠠᠰᠤ ᠵᠥᠭᠡᠭᠡᠵᠤ ᠵᠢᠯ ᠦᠨᠵᠢᠨ ᠭᠦᠯᠢᠶᠡᠯᠭᠡᠳᠡᠭ᠌ ᠪᠣᠯᠬᠤᠷ

ᠨᠠᠢ᠌ᠷᠠᠭ ᠶᠢᠡᠷ ᠮᠢᠯᠢᠶᠠᠬᠤ ᠨᠤᠳᠤᠭ ᠤᠨ ᠮᠢᠨᠢ ᠠᠭᠤᠯᠠ ᠣᠰᠤ

ᠨᠠᠢ᠌ᠭᠤᠨ ᠳᠡᠯᠭᠡᠷᠡᠭᠦ ᠴᠡᠴᠡᠭ᠌ ᠲᠡᠶ ᠵᠤᠨ ᠪᠠᠯᠡᠭᠯᠡᠳᠡᠭ᠌ ᠶᠤᠮ

ᠥᠯᠦᠭᠡᠢ ᠳᠡᠦᠭᠡ ᠨᠤᠳᠤᠭ ᠬᠤᠶᠠᠷ ᠶᠢᠠᠨ

ᠦᠪᠯᠠᠵᠤ ᠬᠣᠢ᠌ᠴᠢᠰ ᠲᠠᠭᠠᠨ ᠭᠡᠷᠢᠶᠡᠰᠦᠯᠡᠳᠡᠭ᠌ ᠪᠣᠯᠬᠤᠷ

ᠨᠡᠭᠦᠳᠡᠯᠴᠢᠨ ᠣᠪᠣᠭ ᠤᠨ ᠰᠦᠯᠵᠢᠯ ᠳᠠᠮᠵᠢᠭᠰᠠᠨ

ᠨᠠᠷᠠᠨ ᠭᠤᠪᠢ ᠶᠢᠨ ᠡᠵᠡᠳ ᠢ ᠮᠤᠩᠭ᠋ᠤᠯ ᠭᠡᠳᠡᠭ᠌ ᠶᠤᠮ

ᠰᠦᠨᠢ ᠶᠢᠨ ᠣᠳᠤᠳ ᠢ ᠳᠡᠭ᠍ᠷᠢ ᠳ᠋ᠤᠨᠢ ᠨᠡᠮᠨᠡᠳᠠᠭ

ᠰᠤᠪᠢᠡᠭ᠌ ᠪᠢᠯᠢᠭ᠌ ᠤᠨ ᠨᠤᠮᠯᠠᠯ ᠲᠡᠶ ᠪᠣᠯᠬᠤᠷ

ᠬᠤᠳᠠᠯᠠᠭᠰᠠᠨ ᠰᠦᠷᠦᠭ᠌ ᠤᠨ ᠭᠡᠪᠢᠯᠭᠡ ᠠᠨᠢᠷᠳᠠᠵᠤ

ᠬᠤᠷᠸ᠎ᠠ ᠳᠠᠢ᠌ᠪᠣᠩ ᠵᠡᠭᠦᠷᠮᠡᠭᠯᠡᠳᠡᠭ᠌ ᠶᠤᠮ

ᠰᠥᠵᠦᠭ᠌ ᠠᠷᠢᠭᠤᠰᠬᠤ ᠣᠪᠣᠭ᠎ᠠ ᠪᠠᠨ

ᠰᠦᠨ ᠰᠠᠴᠤᠯᠢ ᠪᠠᠷ ᠪᠠᠨ ᠳᠠᠭᠢᠳᠠᠭ ᠪᠣᠯᠬᠤᠷ

ᠰᠦᠷᠦᠭ᠌ ᠤᠨ ᠭᠡᠰᠢᠭ᠌ ᠲᠡᠶ ᠮᠢᠨᠤ ᠨᠤᠳᠤᠭ

ᠰᠦᠯᠳᠡ ᠪᠣᠰᠤᠭ᠎ᠠ ᠰᠢᠳᠦᠭᠡᠨ ᠲᠡᠶ ᠶᠤᠮ

ᠳᠡᠨᠢᠭᠡᠷ ᠳᠠᠯ᠎ᠠ ᠶᠢᠨ ᠶᠢᠡᠨ ᠡᠯᠢᠭᠡᠨ ᠳᠡᠭᠡᠷ᠎ᠡ

ᠳᠡᠩᠭᠡᠭᠡ ᠪᠠᠨ ᠰᠢᠯᠭᠠᠵᠤ ᠥᠰᠳᠡᠭ᠌ ᠪᠣᠯᠬᠤᠷ

《ᠳᠠᠮᠤᠵᠢᠨ》 ᠣᠳᠤᠮ ᠲᠡᠶ ᠰᠠᠢ᠌ᠨ ᠡᠷᠡᠴᠦᠳ

ᠳᠡᠭ᠍ᠷᠢ ᠱᠦᠷᠭᠦᠮᠡᠷ ᠭᠦᠳᠡᠷᠯᠢᠭ᠌ ᠵᠠᠶᠠᠭᠠᠳᠠᠭ ᠶᠤᠮ

ᠡᠭᠦᠯᠡᠨ ᠭᠡ ᠲᠡᠶ ᠳᠡᠭ᠍ᠷᠢ ᠶᠢᠨ ᠬᠠᠶᠠᠭ᠎ᠠ

ᠠᠭᠤᠯᠠᠰ ᠳᠠᠮᠵᠢᠨ ᠣᠨᠢᠶᠠᠷᠳᠤᠳᠠᠭ ᠪᠣᠯᠬᠤᠷ

ᠣᠷᠤᠰᠬᠠᠯ ᠳᠤᠩᠭ᠋ᠠᠯᠭ ᠭᠤᠤᠯ ᠤᠨ ᠱᠤᠤᠭᠢᠶ᠎ᠠ ᠨᠢ

ᠣᠷᠳᠤ ᠶᠢᠨ ᠳᠠᠭᠤᠤ ᠠᠶᠠᠯᠠᠨ ᠵᠠᠮᠬᠠᠷᠠᠳᠠᠭ ᠶᠤᠮ

ᠮᠤᠷᠢᠨ ᠬᠤᠭᠤᠷ ᠤᠨ ᠢᠷᠠᠭᠤᠬᠠᠨ ᠠᠶᠠᠯᠭᠤᠨ ᠳ᠋ᠤ

ᠮᠤᠩᠭ᠋ᠤᠯ ᠰᠡᠳᠭᠢᠯ ᠣᠶᠠᠷᠠᠨ ᠣᠶᠠᠰᠳᠠᠭ ᠪᠣᠯᠬᠤᠷ

ᠬᠤᠯᠠ ᠶᠢᠨ ᠵᠡᠷᠭᠡᠯᠭᠡᠨ ᠠᠯᠤᠰ ᠲᠤ ᠳᠤᠨᠢᠷᠬᠠᠵᠤ

ᠬᠤᠩᠭ᠋ᠤᠷ ᠨᠤᠳᠤᠭ ᠮᠢᠨᠢ ᠵᠡᠭᠦᠳᠤᠨ ᠳᠤ ᠡᠷᠢᠭ᠍ᠳᠡᠳᠡᠭ᠌ ᠶᠤᠮ

ᠣᠷᠤᠭ ᠰᠠᠷᠠᠯ ᠴᠢᠨ᠋ᠸ᠎ᠠ ᠶᠢᠨ ᠳᠡᠭ᠍ᠵᠢᠨ ᠵᠤᠯᠪᠣᠭᠠᠨ ᠳ᠋ᠤ

ᠣᠩᠭ᠋ᠤᠨ ᠨᠤᠳᠤᠭ ᠤᠨ ᠭᠡᠢ᠌ᠮᠦᠷᠢ ᠰᠡᠷᠭᠦᠳᠡᠭ᠌ ᠪᠣᠯᠬᠤᠷ

ᠳᠠᠪᠤᠨ ᠬᠤᠰᠢᠭᠤ ᠰᠦᠷᠦᠭ᠌ ᠰᠠᠭ ᠲᠡᠶ ᠢᠳᠡᠭᠡᠰᠢᠯᠡᠵᠤ

ᠳᠠᠩᠰᠤᠭ ᠮᠠᠯᠴᠢᠨ ᠠᠮᠢᠳᠤᠷᠠᠯ ᠡᠩᠭᠡ ᠠᠮᠤᠭᠤᠯᠠᠩ ᠣᠷᠤᠰᠢᠳᠠᠭ ᠶᠤᠮ

ᠳᠤᠮᠤᠭ ᠥᠳᠡᠯᠡᠳᠡᠭ᠌ ᠮᠢᠨᠤ ᠮᠤᠩᠭ᠋ᠤᠯ ᠤᠨ ᠳᠠᠯ᠎ᠠ

ᠳᠤᠭᠳᠤᠯᠬᠤ ᠵᠢᠷᠦᠭᠡᠨ ᠳᠤ ᠭᠡᠵᠢᠶ‍ᠳᠡ ᠤᠢ᠌ᠷᠬᠠᠨ ᠪᠣᠯᠬᠤᠷ

ᠪᠦᠳᠤᠨ ᠵᠠᠶᠠᠭ᠎ᠠ ᠪᠠᠨ ᠴᠢᠨᠤᠭᠢ ᠪᠠᠨ ᠬᠠᠳᠠᠪᠴᠢᠨ ᠳᠤ ᠡᠯᠡᠭᠡᠵᠤ

ᠪᠦᠦᠪᠠᠢ ᠠᠶᠠᠯᠤᠭᠰᠠᠨ ᠡᠵᠢ ᠳᠡᠭᠡᠨ ᠡᠷᠭᠡᠯᠡᠨ ᠨᠢᠯᠬᠠᠷᠮᠠᠷ ᠰᠠᠨᠠᠭᠳᠠᠬᠤ ᠶᠤᠮ᠃


ᠵᠤᠬᠢᠶᠠᠭᠴᠢ ᠶᠢᠨ ᠬᠠ‍‌ᠶᠢᠭ ᠄ ᠪᠠᠶᠠᠠᠭᠤᠤᠯ ᠵᠸᠤ ᠶᠢᠨ ᠮᠤᠩᠭ᠋ᠤᠯ ᠭᠡᠯᠡ ᠪᠠᠷ ᠺᠢᠨᠤ᠋ ᠳᠸᠯᠸᠢᠰ ᠵᠥᠴᠦᠭᠡ ᠣᠷᠴᠢᠭᠤᠯᠤᠨ ᠦᠢᠯᠡᠳᠬᠦ ᠳᠦᠪ

ᠵᠤᠬᠢᠶᠠᠭᠴᠢ᠄ ᠮᠤ᠋·ᠮᠥᠩᠭᠡᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2011 ᠤᠨ ᠤ 12 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ