ᠨᠡᠪᠲᠡᠷᠡᠨ ᠤᠷᠤᠬᠤ
ᠡᠷᠢᠶᠡᠨ ᠬᠤᠷᠸ᠎ᠠ ᠶᠢᠨ ᠡᠯᠳᠡᠪ ᠥᠵᠡᠭ᠍ᠳᠡᠯ

ᠭᠦᠮᠤᠨ ᠤ ᠥᠢᠮᠡᠭᠡᠨ ᠳᠤ

ᠭᠦᠮᠤᠨ ᠳᠠᠷᠪᠠᠨ᠎ᠠ

ᠢᠮᠠᠭᠠᠨ ᠤ ᠭᠦᠯ

ᠭᠢᠯᠢᠰ ᠳᠤᠱᠠᠭᠳᠠᠨ᠎ᠠ


ᠴᠡᠴᠡᠭ᠌ ᠤᠨ ᠭᠠᠩᠭ᠋ᠠᠩ ᠳᠤ

ᠡᠷᠪᠠᠭᠡᠢ ᠬᠠᠭᠤᠷᠳᠠᠨ᠎ᠠ

ᠥᠭᠡᠨ ᠤ ᠣᠷᠠᠨ ᠳᠤ

ᠭᠦᠮᠤᠨ ᠮᠡᠭᠡᠯᠡᠭ᠍ᠳᠡᠨ᠎ᠡ


ᠵᠢᠰᠦᠯᠢᠭ᠌ ᠦᠬᠢᠳ ᠵᠤᠪᠠᠳᠠᠭ ᠦᠭᠡᠶ

ᠵᠠᠭᠤᠳᠠᠭ ᠨᠤᠬᠠᠢ ᠬᠤᠴᠠᠳᠠᠭ ᠦᠭᠡᠶ

ᠳᠠᠯ᠎ᠠ ᠶᠢᠨ ᠳᠤᠮᠳᠠᠭᠢ ᠨᠠᠭᠤᠷ ᠬᠠᠳᠠᠨ᠎ᠠ

ᠵᠢᠦᠡᠭᠦᠭ᠍ᠰᠡᠨ ᠥᠭᠡᠷ ᠤᠨ ᠵᠢᠷᠦᠭᠡ ᠬᠠᠳᠠᠨ᠎ᠠ


ᠠᠯᠪᠠᠨ ᠤ ᠠᠵᠢᠯ ᠭᠡᠪᠠᠯ

ᠠᠮᠠ ᠪᠦᠭᠯᠡᠨ᠎ᠡ

ᠠᠮᠢᠨ ᠤ ᠣᠴᠢᠷ ᠭᠡᠪᠠᠯ

ᠠᠮᠢ ᠪᠠᠨ ᠴᠦᠯᠠᠨ᠎ᠠ


ᠮᠠᠵᠢᠶᠠᠩ ᠨᠠᠭᠠᠳᠬᠤ ᠳᠤᠷᠠᠳᠠᠢ ᠨᠢᠭᠡ ᠨᠢ

ᠮᠠᠯᠠᠭᠠᠢ ᠪᠠᠨ ᠠᠪᠬᠤ ᠴᠢᠯᠦᠭᠡ ᠦᠭᠡᠶ

ᠮᠠᠯᠠᠭᠠᠢ ᠪᠠᠨ ᠠᠪᠬᠤ ᠵᠠᠪ ᠲᠡᠶ ᠨᠢᠭᠡ ᠨᠢ

ᠮᠠᠵᠢᠶᠠᠩ ᠨᠠᠭᠠᠳᠬᠤ ᠳᠤᠷᠠᠰᠢᠯ ᠦᠭᠡᠶ


ᠮᠡᠳᠡᠯᠭᠡ ᠦᠭᠡᠶ ᠭᠦᠮᠦᠰ

ᠮᠡᠯᠡᠭᠡᠢ ᠳᠡᠷᠭᠡ ᠲᠡᠶ ᠵᠢᠷᠢ᠌ᠯᠭᠡᠨ᠎ᠡ

ᠮᠡᠳᠡᠯᠭᠡ ᠦᠨᠳᠦᠷ ᠣᠶᠤᠳᠠᠤᠨ

ᠵᠠᠬ᠎ᠠ ᠡᠴᠡ ᠠᠵᠢᠯ ᠡᠷᠢᠨ᠎ᠡ


ᠬᠤᠨᠢᠨ ᠤ ᠬᠠᠩᠰᠢ ᠪᠠᠭᠤᠷᠠᠬᠤ ᠳᠤ

ᠮᠤᠳᠤᠨ ᠤ ᠦᠨ᠎ᠡ ᠦᠰᠦᠨ᠎ᠠ

ᠭᠦᠭ᠍ᠰᠢᠳ ᠤᠨ ᠭᠦᠡᠳᠤ ᠪᠠᠭᠤᠷᠠᠬᠤ ᠳᠤ

ᠬᠡᠦᠬᠡᠳ ᠤᠨ ᠪᠠᠢ᠌ᠷᠢ ᠦᠨᠳᠦᠷᠵᠢᠨ᠎ᠠ


ᠴᠡᠴᠡᠭ᠌ ᠮᠢᠷᠠᠯᠵᠠᠭᠰᠠᠨ ᠬᠠᠭᠤᠴᠢᠨ ᠳᠠᠯ᠎ᠠ ᠳᠤ

ᠳᠠᠪᠤᠨ ᠳᠠᠷᠢᠶ᠎ᠠ ᠴᠠᠴᠠᠷᠭᠢᠯᠠᠵᠤ

ᠳᠡᠭ᠍ᠷᠢ ᠬᠠᠷᠠᠭᠰᠠᠨ ᠳᠠᠷᠢᠶᠠᠴᠢᠳ

ᠭᠠᠩ ᠤᠨ ᠳᠡᠭ᠍ᠷᠢ ᠳᠤ ᠭᠤᠨᠢᠭᠯᠠᠨ᠎ᠠ ᠁


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2647
ᠴᠠᠭ᠄ 2011 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ