ᠨᠡᠪᠲᠡᠷᠡᠨ ᠤᠷᠤᠬᠤ
ᠣᠩᠭ᠋ᠤᠳ ᠣᠴᠢᠯᠬᠤ ᠬᠤᠷᠤᠮ ᠳ᠋ᠤ

0

ᠭᠦᠭᠡ ᠮᠤᠩᠭ᠋ᠤᠯ ᠤᠨ ᠶᠢᠡᠨ ᠮᠥᠩᠭᠡ ᠲᠦᠯᠤ ᠳᠤᠷ

ᠰᠡᠳᠭᠢᠯ ᠶᠢᠡᠷ ᠶᠢᠡᠨ ᠠᠰᠠᠶ᠎ᠠ ᠭᠦ᠋

ᠭᠦᠭ᠍ᠵᠢᠭᠦ ᠰᠤᠶᠤᠯ ᠤᠨ ᠶᠢᠡᠨ ᠠᠯᠳᠠᠨ ᠥᠯᠦᠭᠡᠢ ᠳᠤᠷ

ᠢᠳᠡᠭᠡᠯ ᠶᠢᠡᠷ ᠶᠢᠡᠨ ᠵᠤᠯᠠᠰᠢᠶ᠎ᠠ ᠭᠦ᠋

1

ᠡᠳ᠋ ᠡᠷᠭᠡ ᠰᠢᠳᠤᠵᠤ

ᠳᠠᠶᠠᠭ ᠪᠢᠳᠡᠭᠡᠢ ᠭᠢᠭ᠍ᠳᠤᠨ

ᠡᠷᠳᠡ ᠶᠢᠨ ᠰᠢᠭᠦᠳᠡᠷᠢ ᠭᠤᠶᠤᠬᠠᠨ ᠴᠤ

ᠢᠯᠠᠷᠠᠵᠤ ᠵᠠᠮᠬᠠᠷᠠᠭᠠᠤᠨ ᠬᠤᠷᠤᠮᠬᠠᠨ ᠶᠤᠮ

ᠢᠳᠡᠭᠡᠯ ᠨᠥᠭᠦᠷᠯᠡᠯ ᠳᠡᠭᠡᠳᠦᠯᠡᠵᠤ

ᠳᠦᠰᠢᠭ᠌ ᠬᠠᠷᠢᠨ ᠪᠣᠯᠭᠠᠭᠠᠷᠠᠢ

ᠡᠭᠡᠯ ᠨᠤᠳᠤᠭ ᠤᠨ ᠭᠦᠷᠦᠰᠤᠨ ᠳᠤ ᠴᠤ

ᠡᠩᠭᠡᠵᠢᠵᠤ ᠪᠠᠳᠤᠵᠢᠨ ᠳᠡᠯᠭᠡᠷᠡᠭᠦ ᠶᠤᠮ

2

ᠳᠠᠯᠠᠢ ᠳᠤ ᠣᠷᠤᠵᠤ ᠠᠩᠨᠠᠵᠤ ᠠᠩᠨᠠᠭᠳᠠᠬᠤ ᠬᠡ ᠥᠭᠡᠢ

ᠵᠠᠬ᠎ᠠ ᠳᠤ ᠭᠠᠷᠴᠤ ᠮᠡᠭᠡᠯᠡᠵᠤ ᠮᠡᠭᠡᠯᠡᠭ᠍ᠳᠡᠭᠦ ᠬᠡ ᠥᠭᠡᠢ

ᠣᠨᠤᠭ᠎ᠠ ᠠᠯᠳᠠᠭ᠎ᠠ ᠶᠢ ᠮᠦᠩᠭᠦ ᠪᠠᠷ ᠭᠡᠮᠨᠡᠭᠦ ᠥᠭᠡᠢ

ᠮᠠᠠᠳᠤᠯ ᠪᠠᠭᠤᠷᠠᠯ ᠢ ᠵᠡᠷᠭᠡ ᠪᠠᠷ ᠴᠡᠩᠨᠡᠭᠦ ᠦᠭᠡᠶ

ᠳᠡᠨᠢᠭᠦᠭᠡᠨ ᠠᠮᠢᠳᠤᠷᠠᠶ᠎ᠠ

ᠳᠡᠨᠢᠭᠡᠷᠭᠡᠨ ᠵᠢᠷᠭᠠᠶ᠎ᠠ

3

ᠬᠤᠷᠸ᠎ᠠ ᠪᠠᠶ᠎ᠠ ᠪᠠᠷ ᠶᠢᠡᠨ ᠠᠯᠳᠠ ᠶᠤᠮ

ᠬᠤᠪᠳᠤᠭ ᠦᠷᠡᠵᠢᠭᠦᠯᠭᠦ ᠵᠢᠮᠢᠰ ᠴᠤ ᠶᠤᠮ

ᠬᠤᠮᠤᠬᠠᠢ ᠰᠢᠨᠤᠭ ᠭᠦᠭᠡᠭᠡᠴᠡᠯᠳᠦᠭᠦ ᠶᠤᠮ ᠪᠣᠯ

ᠬᠤᠵᠢᠮ ᠨᠢ ᠳᠡᠭᠦᠨ ᠤ ᠪᠠᠨ ᠪᠣᠭᠤᠯ ᠨᠢ ᠶᠤᠮ

ᠵᠡᠷᠭᠡ ᠵᠢᠩᠰᠠ ᠭᠡᠵᠤ ᠡᠷᠳᠡᠨᠢ ᠶᠤᠮ

ᠵᠢᠯᠪᠢᠩ ᠰᠠᠭᠤᠯᠭᠠᠳᠠᠭ ᠬᠤᠤᠷ᠎ᠠ ᠴᠤ ᠶᠤᠮ

ᠵᠥᠩᠳᠡᠭᠡᠨ ᠰᠢᠳᠤᠨ ᠰᠢᠨᠤᠬᠤ ᠶᠤᠮ ᠪᠣᠯ

ᠵᠢᠪᠠᠭᠦᠴᠡᠯ ᠵᠢᠭ᠍ᠰᠢᠯ ᠶᠢᠠᠷ ᠵᠢᠪᠠᠷᠡᠳᠡᠭ᠌ ᠶᠤᠮ

4

ᠭᠠᠵᠠᠷ ᠰᠢᠷᠤᠢ ᠭᠡᠭ᠍ᠴᠢ

ᠭᠠᠭᠴᠠ ᠮᠢᠨᠤᠭᠢ ᠴᠤ ᠪᠢᠰᠢ᠂ ᠴᠢᠨᠤᠭᠢ ᠴᠤ ᠪᠢᠰᠢ

ᠭᠠᠯᠪᠠ ᠶᠢᠨ ᠳᠡᠷᠳᠡᠭᠡ ᠡᠴᠡ ᠡᠪᠦᠭᠡ ᠳᠡᠭᠡᠳᠦᠰ ᠤᠨ ᠮᠢᠨᠢ

ᠴᠢᠰᠤ ᠪᠠᠷ ᠶᠢᠡᠨ ᠴᠠᠳᠢᠭᠯᠠᠵᠤ ᠶᠠᠰᠤ ᠪᠠᠷ ᠶᠢᠡᠨ ᠳᠠᠮᠠᠭᠠᠯᠠᠭᠰᠠᠨ ᠠᠯᠳᠠᠨ ᠭᠦᠮᠦᠷᠭᠡ

ᠭᠦᠭᠡ ᠳᠡᠭ᠍ᠷᠢ ᠲᠡᠶ ᠴᠤᠭ ᠮᠥᠩᠭᠡᠷᠡᠨ ᠮᠥᠩᠭᠡᠷᠡᠭᠦ

ᠦᠶ᠎ᠡ ᠣᠳᠤᠮ ᠤᠨ ᠮᠢᠨᠢ

ᠦᠨᠳᠦᠰᠦᠯᠠᠵᠤ ᠴᠡᠴᠡᠭᠯᠡᠵᠤ ᠵᠢᠮᠢᠰᠯᠡᠭᠦ

ᠦᠨᠡᠳᠤ ᠳᠠᠷᠬᠠᠨ ᠥᠯᠦᠭᠡᠢ᠁



ᠵᠤᠬᠢᠶᠠᠭᠴᠢ ᠶᠢᠨ ᠬᠠᠶ‍ᠢᠭ ᠄ ᠠᠷᠤ ᠬᠤᠷᠴᠢᠨ ᠬᠤᠰᠢᠭᠤᠨ ᠤ ᠬᠠᠠᠰᠦ᠋ᠮ᠎ᠡ ᠶᠡᠷᠦᠩᠭᠡᠢ ᠰᠤᠷᠭᠠᠭᠤᠯᠢ

ᠵᠤᠬᠢᠶᠠᠭᠴᠢ᠄ ᠷᠢᠠ᠊·ᠨᠠᠰᠤᠨ‍ᠦ᠌ᠯᠵᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2010 ᠤᠨ ᠤ 04 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ