ᠨᠡᠪᠲᠡᠷᠡᠨ ᠤᠷᠤᠬᠤ
ᠮᠢᠨᠤ ᠥᠭᠦᠯᠡᠯ — ᠳᠤᠷᠭᠤᠳ ᠨᠡᠭᠦᠳᠡᠯ

ᠳᠡᠦᠭᠡ ᠪᠠᠨ ᠣᠩᠰᠢᠯ᠎ᠠ

ᠣᠪᠠᠰᠢ ᠬᠠᠭᠠᠨ ᠶᠢᠡᠨ ᠪᠢᠴᠢᠯ᠎ᠠ

ᠱᠤᠭᠤᠮᠠᠯ ᠳᠦᠷᠢ ᠰᠠᠢ᠌ᠯᠤᠯ᠎ᠠ

ᠨᠠᠷᠠ ᠰᠠᠢ᠌ᠬᠠᠨ

ᠣᠢ᠌ᠷᠠᠤᠨ ᠴᠤ ᠰᠠᠢ᠌ᠬᠠᠨ᠃

ᠮᠤᠷᠢᠨ ᠤ ᠨᠢᠷᠤᠭᠤᠨ ᠳᠡᠭᠡᠷ᠎ᠡ

ᠭᠠᠵᠠᠷ ᠤᠨ ᠵᠢᠷᠤᠭ ᠶᠢᠡᠨ ᠦᠵᠡᠵᠤ

ᠥᠭᠦᠯ ᠤᠨ ᠳᠠᠯᠠᠢ ᠳᠤᠳᠤᠷ᠎ᠠ ᠡᠴᠡ

ᠡᠷᠳᠡᠨᠢ ᠶᠢᠨ ᠰᠤᠪᠣᠤᠨ ᠱᠥᠭᠦᠵᠤ

ᠠᠯᠤᠰ ᠤᠨ ᠳᠢᠪ ᠡᠴᠡ ᠣᠢ᠌ᠷ᠎ᠠ ᠳᠢᠪ ᠲᠤ

ᠨᠡᠭᠦᠳᠡᠯ ᠤᠨ ᠴᠤᠪᠣᠭ᠎ᠠ ᠡᠯᠭᠦᠵᠤ

ᠨᠠᠷᠠᠨ ᠤ ᠳᠤᠤᠷ᠎ᠠ

ᠳᠤᠷᠭᠤᠳ ᠨᠡᠭᠦᠳᠡᠯ ᠴᠤᠪᠣᠨ᠎ᠠ᠃

ᠨᠠᠷᠠ ᠰᠠᠢ᠌ᠬᠠᠨ

ᠨᠠᠰᠤ ᠬᠤᠳᠤᠭ ᠬᠤᠶᠠᠷ ᠶᠢᠡᠨ

ᠠᠮᠢᠳᠤᠷᠠᠯ ᠤᠨ ᠵᠢᠮ᠎ᠠ ᠶᠤᠰᠤ ᠪᠠᠷ

ᠳᠡᠦᠭᠡ ᠪᠦᠳᠦᠭ᠍ᠰᠡᠨ ᠴᠤ ᠰᠠᠢ᠌ᠬᠠᠨ

ᠢᠵᠢᠯ ᠵᠠᠢ ᠶᠢᠨ ᠨᠡᠭᠦᠳᠡᠯ ᠤᠨ ᠴᠤᠪᠣᠭ᠎ᠠ

ᠡᠷᠳᠡᠮᠳᠡᠨ ᠤ ᠨᠢᠳᠤ ᠴᠤ ᠰᠠᠢ᠌ᠬᠠᠨ

ᠦᠷ᠎ᠡ ᠬᠣᠢ᠌ᠴᠢᠰ ᠤᠨ ᠰᠤᠷᠭᠠᠮᠵᠢ ᠳᠤ ᠴᠤ

ᠨᠠᠷᠠ ᠰᠢᠭ ᠰᠠᠢ᠌ᠬᠠᠨ᠃

ᠳᠤᠧᠨ ᠰᠤᠬᠤᠷ ᠤᠨ ᠨᠢᠳᠤ

ᠭᠤᠷᠪᠠᠨ ᠪᠠᠭᠤᠳᠠᠯ ᠤᠨ ᠭᠠᠵᠠᠷ ᠦᠵᠡᠨ᠎ᠠ ᠭᠡᠪᠠᠯ

ᠮᠠᠨ ᠤ ᠣᠪᠠᠰᠢ ᠬᠠᠭᠠᠨ ᠢᠵᠢᠯ ᠵᠠᠢ ᠶᠢᠨ ᠭᠤᠤᠯ ᠡᠴᠡ

ᠢᠯᠢ ᠳᠡᠭᠡᠰ ᠢ ᠥᠵᠡᠭ᠍ᠰᠡᠨ ᠪᠠᠢ᠌ᠵᠤ ᠮᠠᠳᠠᠨ᠎ᠠ᠃

ᠠᠯᠤᠨ ᠭᠤᠸ᠎ᠠ ᠶᠢᠨ ᠳᠠᠪᠤᠨ ᠮᠦᠰᠤᠨ ᠤ

ᠭᠦᠨ ᠣᠬᠠᠭᠠᠨ ᠲᠡᠶ ᠰᠤᠷᠭᠠᠯ

ᠭᠦᠮᠤᠨ ᠤ ᠠᠮᠢᠳᠤᠷᠠᠯ ᠳᠤ ᠵᠥᠭᠯᠡᠭᠦᠷ ᠪᠣᠯᠵᠤ

ᠣᠯᠠᠨ ᠣᠨ ᠤ ᠨᠠᠷᠠ ᠦᠵᠡᠵᠠᠢ᠃

ᠳᠤᠷᠭᠤᠳ ᠮᠤᠩᠭ᠋ᠤᠯ ᠤᠨ ᠨᠡᠭᠦᠳᠡᠯ ᠴᠤ

ᠮᠡᠷᠭᠡᠳ ᠡᠷᠳᠡᠮᠳᠡᠳ ᠤᠨ ᠥᠭᠦᠯᠡᠯ ᠪᠢᠴᠢᠭᠦ

ᠮᠥᠩᠭᠡ ᠶᠢᠨ ᠰᠠᠳᠤᠪ ᠪᠣᠯᠵᠤ

ᠡᠷᠡᠨ ᠵᠠᠭᠤᠨ ᠤ ᠱᠠᠩᠨᠠᠯ ᠤᠨ ᠦᠨᠡᠮᠯᠠᠯ ᠣᠯᠵᠤ

ᠰᠤᠳᠤᠷ ᠨᠤᠮ ᠤᠨ ᠳᠡᠭᠡᠳᠤ ᠴᠤᠯᠠ ᠶᠢ ᠭᠦᠷᠳᠡᠵᠡᠢ᠃

ᠦᠨᠡᠨ ᠶᠢᠡᠨ ᠭᠡᠯᠡᠪᠠᠯ ᠥᠭᠦᠯ ᠦᠭᠡᠶ ᠭᠡᠵᠤ

ᠮᠠᠨ ᠤ ᠡᠪᠦᠭᠡᠳ ᠶᠠᠷᠢᠳᠠᠭ ᠪᠢᠯᠠ

ᠥᠭᠦᠯᠡᠯ ᠪᠢᠴᠢᠵᠤ᠂ ᠵᠦᠪ ᠥᠨᠡᠯᠡᠭ᠍ᠰᠡᠨ ᠡᠴᠡ

ᠪᠦᠳᠦᠭᠡᠯᠴᠢ ᠱᠠᠩᠨᠠᠯ ᠣᠯᠬᠤ ᠴᠤ ᠰᠠᠢ᠌ᠬᠠᠨ᠃

ᠳᠡᠦᠭᠡ ᠪᠠᠨ ᠣᠩᠰᠢᠯ᠎ᠠ

ᠨᠡᠭᠦᠳᠡᠯ ᠶᠢᠡᠨ ᠴᠤ ᠵᠢᠷᠤᠯ᠎ᠠ

ᠮᠦᠽᠸᠢ ᠳᠤ ᠴᠤ ᠳᠠᠯᠪᠢᠯ᠎ᠠ᠃

ᠳᠡᠯᠡᠭᠡᠢ ᠴᠤ ᠭᠠᠢ᠌ᠬᠠᠯ᠎ᠠ

ᠣᠪᠠᠰᠢ ᠬᠠᠭᠠᠨ ᠢ ᠴᠤ ᠰᠠᠢ᠌ᠯᠤᠯ᠎ᠠ᠃

ᠡᠪᠦᠭᠡ ᠪᠠᠨ ᠮᠠᠭᠤ ᠭᠡᠯᠡᠭᠦ

ᠬᠠᠮᠤᠭ ᠤᠨ ᠶᠡᠭᠡ ᠡᠷᠭᠡ ᠨᠠᠳᠠᠳᠤ ᠦᠭᠡᠶ

ᠦᠪᠡᠷ ᠤᠨ ᠶᠡᠭᠡ ᠪᠡᠶ᠎ᠠ ᠪᠠᠨ ᠴᠤ

《ᠮᠡᠭᠤ》 ᠭᠡᠵᠤ ᠪᠢ ᠭᠡᠯᠡᠭᠦ ᠳᠤᠷ᠎ᠠ ᠦᠭᠡᠶ᠃

ᠳᠡᠦᠭᠡ ᠶᠢ ᠪᠦᠳᠦᠭᠡᠭ᠍ᠰᠡᠨ ᠭᠦᠮᠤᠨ

ᠬᠠᠮᠤᠭ ᠭᠦᠡᠳᠦᠳᠭᠡᠯ ᠢ ᠣᠯᠳᠠᠭ

ᠳᠡᠦᠭᠡ ᠲᠡᠶ ᠦᠨᠳᠦᠰᠦᠳᠠᠨ

ᠳᠠᠶᠠᠩ ᠳᠡᠯᠡᠭᠡᠢ ᠳᠤ ᠳᠠᠨᠢᠭᠳᠠᠨ᠎ᠠ᠃

ᠮᠢᠨᠤ ᠨᠠᠢ᠌ᠵᠠ ᠨᠡᠷ

ᠣᠤᠠᠬ᠎ᠠ ᠵᠤᠬᠢᠶᠠᠯ᠂ ᠳᠡᠦᠭᠡ ᠰᠤᠷᠤᠭᠰᠠᠨ ᠭᠦᠮᠦᠰ

ᠳᠠ ᠢᠳᠡᠭᠡᠭᠦ ᠦᠭᠡᠶ ᠪᠣᠯ

ᠦᠪᠡᠷ ᠶᠢᠡᠨ ᠵᠠᠭᠢᠶᠠᠯᠠᠭᠰᠠᠨ ᠰᠤᠨᠢᠨ ᠰᠡᠳᠭᠦᠯ ᠡᠴᠡ ᠦᠵᠡ᠃

ᠳ᠋ᠦ᠋ᠩᠨᠡᠯᠲᠡ᠂ ᠨᠤᠳᠠᠯᠠᠯᠳᠠ᠂ ᠬᠠᠷᠢᠭᠤᠯᠳᠠ ᠶᠢ

ᠠᠷᠭ᠎ᠠ ᠦᠭᠡᠶ ᠰᠠᠢ᠌ᠬᠠᠨ ᠪᠢᠴᠢᠨ᠎ᠠ᠃

ᠠᠶᠤᠮᠠᠷ ᠰᠥᠷᠡᠭᠡᠢ ᠶᠠᠷᠢᠨ᠎ᠠ

ᠥᠯᠢᠭᠡᠷ ᠵᠢᠱᠢᠶ᠎ᠠ ᠲᠡᠶ ᠪᠠᠨ

ᠣᠯᠠᠨ ᠤ ᠪᠠᠬ᠎ᠠ ᠶᠢ ᠨᠠᠩ ᠳᠠᠳᠠᠨ᠎ᠠ᠃

ᠠᠶᠤᠯ ᠲᠡᠶ ᠮᠠᠩᠭ᠋ᠤᠰ ᠴᠤ ᠪᠠᠢ᠌ᠨ᠎ᠠ

ᠠᠮᠢᠳᠤᠷᠠᠬᠤ ᠳᠤᠮᠢᠶ᠎ᠠ ᠴᠤ ᠪᠠᠢ᠌ᠨ᠎ᠠ

ᠪᠡᠶ᠎ᠠ ᠪᠠᠨ ᠭᠠᠢ᠌ᠬᠠᠭᠤᠯᠬᠤ ᠡᠷᠳᠡᠮ ᠴᠤ ᠪᠠᠢ᠌ᠨ᠎ᠠ

ᠪᠢᠯᠢᠭ᠌ ᠢ ᠰᠤᠷᠬᠤ ᠨᠥᠭᠦᠴᠡᠯ ᠴᠤ ᠪᠠᠢ᠌ᠨ᠎ᠠ᠃

ᠮᠠᠨ ᠤ ᠭᠢᠨ ᠮᠠᠯᠴᠢᠨ ᠠᠢ᠌ᠯ

ᠮᠤᠩᠭ᠋ᠤᠯ ᠭᠡᠯᠡᠨ ᠤ ᠰᠠᠩ ᠲᠡᠶ ᠴᠤ ᠠᠢ᠌ᠯ

ᠳᠤᠷᠭᠤᠳ ᠨᠡᠭᠦᠳᠡᠯ ᠤᠨ ᠰᠦᠯᠵᠢᠶ᠎ᠠ ᠬᠤᠴᠤᠷᠤᠭᠰᠠᠨ ᠠᠢ᠌ᠯ

ᠳᠡᠭᠦᠨ ᠶᠢᠡᠨ ᠳᠡᠮᠳᠡᠭᠡᠯᠭᠦ ᠳᠠᠷᠠᠭ᠎ᠠ ᠲᠡᠶ ᠴᠤ ᠠᠢ᠌ᠯ᠃

ᠮᠤᠲ᠋ᠤᠷ ᠢᠠᠴᠠᠭᠠᠬᠤ ᠵᠡᠭᠡᠯᠢ ᠳᠤ

ᠮᠤᠷᠢ ᠲᠡᠶ ᠪᠠᠨ ᠣᠪᠠᠰᠢ ᠵᠤᠭᠰᠤᠨ᠎ᠠ ᠭᠡᠵᠤ

ᠰᠥᠰᠦᠭ᠌ ᠤᠨ ᠳᠡᠭ᠍ᠷᠢ ᠳᠤ ᠪᠢ ᠳᠠᠭᠠᠳᠬᠠᠬᠤ ᠦᠭᠡᠶ

ᠰᠤᠳᠤᠷ ᠤᠨ ᠳᠡᠮᠳᠡᠭᠯᠡᠯ ᠳᠤ ᠪᠢ ᠳᠠᠭᠠᠳᠬᠠᠨ᠎ᠠ᠃

ᠣᠯᠠᠨ ᠵᠣᠢ᠌ᠯ ᠤᠨ ᠮᠠᠢ᠌ᠮᠠᠢ ᠭᠢᠨ᠎ᠠ ᠭᠡᠳ

ᠣᠭᠳᠤᠷ ᠪᠣᠷᠤ ᠲᠡᠶ ᠪᠠᠨ ᠪᠢ ᠬᠤᠴᠤᠷᠴᠠᠢ᠃

ᠣᠳᠤ 《ᠳᠤᠷᠭᠤᠳ ᠨᠡᠭᠦᠳᠡᠯ》 ᠶᠢᠡᠷ ᠰᠢᠯᠦᠭ᠌ ᠪᠢᠴᠢᠵᠤ

ᠠᠰᠢᠭ ᠣᠯᠵᠠ ᠣᠯᠬᠤ ᠳᠤᠷ᠎ᠠ ᠨᠠᠩ ᠴᠤ ᠦᠭᠡᠶ

ᠬᠠᠷᠠᠮᠵᠢ ᠶᠢᠨ ᠵᠤᠭᠤᠰ ᠣᠯᠬᠤ ᠳᠠᠷᠠᠭ᠎ᠠ ᠴᠤ ᠦᠭᠡᠶ᠃

ᠳᠡᠦᠭᠡ ᠶᠢᠨ ᠵᠠᠢ ᠳᠠᠷᠠ ᠦᠶ᠎ᠡ ᠳᠤ ᠴᠤᠪᠣᠨ᠎ᠠ

ᠮᠢᠨᠤ ᠨᠤᠳᠠᠯᠠᠯ ᠡᠷᠡᠨ ᠵᠠᠭᠤᠨ ᠳᠤ ᠴᠤᠪᠣᠨ᠎ᠠ

ᠦᠷ᠎ᠡ ᠳ᠋ᠦ᠋ᠩ ᠦᠯᠡᠮᠵᠢ ᠠᠰᠢᠭ

ᠠᠶᠤᠮᠠᠷ ᠶᠡᠭᠡ ᠶᠠᠭᠤᠮ᠎ᠠ ᠴᠤ ᠪᠢᠰᠢ

ᠥᠴᠦᠭᠡᠨ ᠳᠠᠳᠤᠢ ᠨᠤᠳᠠᠯᠠᠯ᠃

ᠬᠠᠢ᠌ᠷᠠᠳᠤ ᠮᠢᠨᠢ᠂ ᠬᠤᠩᠭ᠋ᠤᠷ ᠮᠢᠨᠢ

《ᠳᠤᠷᠭᠤᠳ ᠨᠡᠭᠦᠳᠡᠯ》 ᠤᠨ ᠳᠠᠷᠠ ᠣᠨ ᠤ ᠭᠡᠷᠡᠭ᠌

ᠳᠡᠦᠭᠡ ᠶᠢᠨ ᠬᠠᠭᠤᠳᠠᠰᠤ ᠳᠤ

ᠴᠢᠰᠤᠨ ᠨᠢᠭᠦᠯ ᠲᠡᠶ ᠳᠠᠢ᠌ᠨ ᠰᠢᠤ᠃

ᠳᠡᠦᠭᠡ ᠪᠠᠨ ᠣᠩᠰᠢᠯ᠎ᠠ

ᠳᠤᠷᠭᠤᠳ ᠨᠡᠭᠦᠳᠡᠯ ᠶᠢᠡᠨ ᠳᠠᠭᠢᠵᠤ ᠣᠩᠰᠢᠯ᠎ᠠ

ᠳᠠᠯ᠎ᠠ ᠶᠢᠨ ᠡᠪᠠᠰᠦᠳᠤ ᠭᠦᠳᠡᠭᠡ ᠳᠤ

ᠳᠠᠷᠠᠭᠠᠴᠢ ᠵᠠᠭᠤᠨ ᠤ ᠨᠠᠷᠠ ᠭᠡᠷᠡᠭ᠌ ᠭᠢᠵᠤ ᠪᠢᠴᠢᠯ᠎ᠠ᠃

ᠡᠭᠡ ᠣᠷᠤᠨ ᠤ ᠡᠪᠦᠷ ᠲᠤ

ᠳᠠᠢ᠌ᠪᠣᠩ ᠠᠮᠢᠳᠤᠷᠠᠬᠤ ᠨᠠᠩ ᠴᠤ ᠰᠠᠢ᠌ᠬᠠᠨ

ᠡᠷᠡᠨ ᠵᠠᠭᠤᠨ ᠤ ᠨᠠᠷᠠᠨ ᠳᠤᠤᠷ᠎ᠠ

ᠡᠭᠦᠳᠦᠯᠳᠡ᠂ ᠡᠭᠦᠰᠭᠡᠯᠳᠡ ᠣᠯᠬᠤ ᠴᠤ ᠰᠠᠢ᠌ᠨ ᠭᠡᠷᠡᠭ᠌᠃

ᠳᠡᠦᠭᠡ ᠪᠠᠨ ᠣᠩᠰᠢᠯ᠎ᠠ

ᠣᠪᠠᠰᠢ ᠬᠠᠭᠠᠨ ᠶᠢᠡᠨ ᠴᠤ ᠪᠢᠴᠢᠯ᠎ᠠ᠃

ᠱᠤᠭᠤᠮᠠᠯ ᠳᠦᠷᠢ ᠰᠠᠢ᠌ᠯᠤᠯ᠎ᠠ

ᠨᠠᠷᠠ ᠰᠠᠢ᠌ᠬᠠᠨ

ᠣᠢ᠌ᠷᠠᠤᠨ ᠴᠤ ᠰᠠᠢ᠌ᠬᠠᠨ ᠁ 


ᠬᠠᠶ‍ᠢᠭ᠄ ᠰᠢᠠᠵᠢᠶᠠᠩ ᠤᠨ ᠾᠸᠵᠢᠩ ᠰᠢᠶᠠᠨ ᠤ ᠣᠢ ᠰᠢᠭᠤᠢ ᠶᠢᠨ ᠳᠤᠪᠴᠢᠶ᠎ᠠ

ᠵᠤᠬᠢᠶᠠᠭᠴᠢ᠄ ᠳ᠋ᠤ᠋·ᠴᠡᠪᠠᠭ᠍ᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2644
ᠴᠠᠭ᠄ 2009 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ