ᠨᠡᠪᠲᠡᠷᠡᠨ ᠤᠷᠤᠬᠤ
ᠭᠢᠵᠤ ᠪᠣᠯᠬᠤ ᠠᠵᠢᠯ ᠤᠳ (ᠪᠠᠷᠢᠮᠳᠠᠳᠤ ᠳᠡᠮᠳᠡᠭᠯᠡᠯ)

ᠴᠡᠴᠡᠷᠯᠢᠭ᠌ ᠤᠨ ᠭᠢᠴᠢᠶᠠᠯ ᠭᠦᠮᠦᠵᠢᠯ ᠢ ᠶᠡᠭᠡ ᠲᠦᠯᠤᠪ ᠡᠷᠡᠭᠦᠯ ᠮᠠᠠᠳᠤ ᠶᠢᠨ ᠭᠦᠮᠦᠵᠢᠯ᠂ ᠨᠡᠢ᠌ᠭᠡᠮ ᠤᠨ ᠭᠦᠮᠦᠵᠢᠯ᠂ ᠥᠭᠡ ᠭᠡᠯᠡᠨ ᠤ ᠭᠦᠮᠦᠵᠢᠯ᠂ ᠰᠢᠡᠵᠢᠯᠡᠭᠦ ᠣᠬᠠᠭᠠᠨ ᠤ ᠭᠦᠮᠦᠵᠢᠯ᠂ ᠣᠷᠠᠯᠢᠭ ᠤᠨ ᠭᠦᠮᠦᠵᠢᠯ ᠭᠡᠵᠤ ᠳᠠᠪᠤᠨ ᠵᠣᠢ᠌ᠯ ᠳᠤ ᠠᠩᠭᠢᠯᠠᠳᠠᠭ᠃ ᠭᠢᠴᠢᠶᠠᠯ ᠪᠣᠯᠭᠠᠨ ᠨᠢ ᠣᠶᠤᠨ ᠤ ᠳᠤᠭᠯᠠᠭᠠᠮ ᠲᠡᠶ ᠬᠤᠯᠪᠣᠭᠳᠠᠬᠤ ᠳᠤᠯᠠ ᠣᠶᠤᠨ ᠤ ᠭᠦᠮᠦᠵᠢᠯ ᠭᠡᠵᠤ ᠳᠤᠰᠬᠠᠢ᠌ᠯᠠᠨ ᠭᠢᠳᠡᠭ᠌ ᠦᠭᠡᠶ᠃ ᠳᠠᠷᠠᠴᠢᠯᠠᠨ ᠴᠡᠴᠡᠷᠯᠢᠭ᠌ ᠤᠨ ᠬᠡᠦᠬᠡᠳ ᠢ ᠳᠤᠮᠳᠠᠳᠤ ᠪᠠᠭ᠎ᠠ ᠰᠤᠷᠭᠠᠭᠤᠯᠢ ᠶᠢᠨ ᠬᠡᠦᠬᠡᠳ ᠰᠢᠭ᠌ ᠨᠢᠭᠡ ᠯᠠ ᠭᠡᠪ ᠶᠢᠡᠷ ᠰᠠᠭᠤᠯᠭᠠᠭᠠᠤᠨ ᠪᠠᠢ᠌ᠬᠤ ᠶᠢᠨ ᠠᠷᠭ᠎ᠠ ᠦᠭᠡᠶ᠃ ᠵᠢᠭᠠᠬᠠᠨ ᠬᠡᠦᠬᠡᠳ ᠪᠣᠯ ᠶᠠᠭᠤᠮᠠᠨ ᠳᠤ ᠲᠤᠢ᠌ᠯ ᠤᠨ ᠰᠤᠨᠢᠭᠤᠴᠢ ᠮᠦᠷᠳᠡᠭᠡᠨ ᠠᠩᠬᠠᠷᠤᠯ ᠨᠢ ᠭᠡᠵᠢᠶᠡᠳᠡ ᠬᠤᠷᠤᠮ ᠵᠠᠭᠤᠷ᠎ᠠ ᠯᠠ ᠳᠦᠪᠯᠡᠷᠡᠳᠡᠭ᠌ ᠳᠤᠯᠠ ᠴᠤᠯ ᠣᠶᠤᠨ ᠤ ᠵᠣᠢ᠌ᠯᠠᠰ᠂ ᠮᠡᠳᠡᠯᠭᠡ ᠶᠢᠨ ᠵᠣᠢ᠌ᠯᠠᠰ ᠢ ᠥᠭᠦᠮᠡᠯ ᠶᠢᠡᠷ ᠰᠤᠷᠭᠠᠬᠤ ᠨᠢ ᠦᠷ᠎ᠡ ᠠᠰᠢᠭ ᠠᠨᠠᠢ ᠪᠠᠢ᠌ᠳᠠᠭ᠃ ᠪᠢᠳᠠ ᠬᠡᠦᠬᠡᠳ ᠤᠳ ᠶᠢᠡᠨ ᠶᠡᠭᠡ᠂ ᠳᠤᠮᠳᠠ᠂ ᠪᠠᠭ᠎ᠠ ᠠᠩᠭᠢ ᠬᠤᠪᠢᠶᠠᠴᠢᠬᠠᠭᠠᠤᠨ ᠳᠠᠳᠠᠨ ᠤ ᠨᠠᠰᠤᠨ ᠤ ᠣᠠᠴᠠᠯᠢᠭ ᠲᠤ ᠳᠤᠭᠢᠷᠠᠭᠰᠠᠨ ᠭᠢᠴᠢᠶᠠᠯ ᠤᠨ ᠭᠠᠳᠠᠨᠠᠭᠢ ᠭᠦᠳᠡᠯᠭᠡᠭᠡᠨ ᠳᠤ ᠣᠷᠤᠯᠴᠠᠭᠤᠯᠳᠠᠭ᠃ ᠢᠩᠭᠢᠭᠦ ᠨᠢ ᠪᠠᠶ᠎ᠠ ᠮᠠᠬᠠᠪᠣᠤᠨ ᠤᠨ ᠦᠰᠦᠯᠳᠠ ᠪᠣᠢ᠌ᠵᠢᠯᠳᠠ ᠳ᠋ᠤᠨᠢ ᠠᠰᠢᠭᠳᠠᠢ ᠪᠠᠷ ᠪᠠᠷᠠᠬᠤ ᠦᠭᠡᠶ ᠵᠢᠭᠠᠯ ᠬᠡᠦᠬᠡᠳ ᠨᠠᠭᠠᠳᠬᠤ ᠳᠤᠮᠳᠠ ᠣᠯᠠᠨ ᠵᠣᠢ᠌ᠯ ᠢ ᠰᠤᠷᠴᠤ ᠡᠵᠡᠮᠰᠢᠵᠤ ᠴᠢᠳᠠᠳᠠᠭ᠃ ᠭᠡᠪᠠᠯᠢ ᠳ᠋ᠠᠭᠢ ᠬᠡᠦᠬᠡᠳ ᠤᠨ ᠭᠦᠮᠦᠵᠢᠯ ᠭᠡᠭ᠍ᠴᠢ ᠶᠠᠭᠤᠮ᠎ᠠ ᠭᠦᠷᠳᠡᠯ᠎ᠡ ᠳᠡᠯᠭᠡᠷᠡᠭ᠍ᠰᠡᠨ ᠡᠨᠠ ᠴᠠᠭ ᠤᠨ ᠬᠡᠦᠬᠡᠳ ᠤᠳ ᠰᠡᠷᠭᠦᠯᠡᠩ ᠭᠡᠳᠡᠭ᠌ ᠨᠢ ᠭᠡᠷᠡᠭ᠌᠃ ᠡᠨᠠ ᠦᠶ᠎ᠡ ᠳᠤ ᠶᠠᠮᠠᠷ ᠴᠠᠭ ᠬᠤᠭᠤᠴᠠᠭᠠᠨ ᠳᠤ ᠶᠠᠮᠠᠷ ᠭᠦᠮᠦᠵᠢᠯ ᠭᠢᠭᠦ᠂ ᠶᠠᠮᠠᠷ ᠭᠦᠳᠡᠯᠭᠡᠭᠡᠨ ᠳᠤᠭᠢᠷᠠᠭᠤᠯᠬᠤ᠂ ᠳᠡᠷᠡᠭᠦ ᠭᠦᠳᠡᠯᠭᠡᠭᠡᠨ ᠶᠢᠡᠷ ᠳᠠᠮᠵᠢᠭᠤᠯᠵᠤ ᠶᠠᠭᠤ ᠶᠢ ᠮᠡᠳᠡᠭᠦᠯᠭᠦ᠂ ᠶᠠᠭᠠᠭᠢᠵᠤ ᠣᠶᠤᠨ ᠢ ᠨᠢ ᠨᠡᠭᠡᠭᠡᠭ᠍ᠳᠡᠭᠦᠯᠭᠦ ᠨᠢ ᠨᠠᠩᠳᠠ ᠴᠢᠬᠤᠯᠠ ᠪᠣᠯᠵᠤ ᠪᠠᠢ᠌ᠨ᠎ᠠ᠃ ᠦᠭᠡᠶ ᠪᠣᠯ ᠳᠠᠳᠠᠨ ᠤ ᠪᠠᠶ᠎ᠠ ᠮᠠᠬᠠᠪᠣᠤᠨ ᠤᠨ ᠪᠣᠢ᠌ᠵᠢᠯᠳᠠ᠂ ᠣᠶᠤᠨ ᠣᠬᠠᠭᠠᠨ ᠤ ᠭᠦᠭ᠍ᠵᠢᠯᠳᠡ ᠶᠢ ᠨᠢ ᠨᠥᠯᠦᠭᠡᠯᠡᠭᠦ ᠪᠣᠯᠤᠨ᠎ᠠ᠃

ᠡᠨᠠ ᠵᠢᠯ ᠡᠴᠡ ᠮᠠᠨ ᠤ ᠴᠡᠴᠡᠷᠯᠢᠭ᠌ ᠨᠢ 《ᠬᠡᠦᠬᠡᠳ ᠤᠨ ᠭᠦᠳᠡᠯᠭᠡᠭᠡᠨ ᠤ ᠳᠤᠭᠤᠷᠢᠭ》 ᠪᠠᠢ᠌ᠭᠤᠯᠵᠤ᠂ ᠳᠡᠭᠦᠨ ᠳᠡᠭᠡᠨ 《ᠡᠮᠨᠡᠯᠭᠡ ᠶᠢᠨ ᠬᠤᠷᠢᠶ᠎ᠠ》᠂ 《ᠨᠤᠮ ᠤᠨ ᠳᠡᠯᠭᠡᠭᠦᠷ》᠂ 《ᠭᠡᠳᠤ ᠳᠡᠯᠭᠡᠭᠦᠷ》᠂ 《ᠪᠠᠩᠭᠢ》᠂ 《ᠳᠤᠭᠤᠭᠠᠨ ᠭᠡᠷ》 ᠭᠠᠷᠭᠠᠵᠤ᠂ ᠬᠡᠦᠬᠡᠳ ᠤᠳ ᠢ ᠰᠢᠭᠤᠳ ᠵᠤᠬᠢᠶᠠᠮᠠᠯ ᠨᠡᠢ᠌ᠭᠡᠮ ᠳᠤᠭᠤᠷᠢᠭ ᠪᠣᠶᠤ ᠠᠮᠢᠳᠤᠷᠠᠯ ᠳᠤ ᠤᠢ᠌ᠷᠠᠳᠤᠭᠤᠯᠵᠤ᠂ ᠳᠡᠭᠦᠨ ᠲᠡᠶ ᠬᠤᠯᠪᠣᠭᠳᠠᠭᠰᠠᠨ ᠮᠡᠳᠡᠯᠭᠡ ᠶᠢ ᠣᠯᠠᠮᠵᠢᠯᠠᠬᠤ ᠶᠢ ᠰᠠᠨᠠᠭᠠᠴᠢᠯᠠᠪᠠ᠃ ᠣᠴᠢᠷ ᠨᠢ ᠬᠡᠦᠬᠡᠳ ᠤᠨ ᠣᠶᠤᠨ ᠪᠣᠯ ᠣᠯᠠᠨ ᠳᠠᠯ᠎ᠠ ᠶᠢᠨ ᠠᠵᠢᠯᠯᠠᠭ᠎ᠠ ᠡᠴᠡ ᠰᠢᠮ᠎ᠠ ᠠᠪᠴᠤ ᠭᠦᠭ᠍ᠵᠢᠳᠡᠭ᠌᠃ ᠢᠩᠭᠢᠵᠤ ᠪᠣᠳᠠᠳᠠᠢ ᠥᠢᠯᠡᠳᠦᠯᠭᠡ ᠳᠤ ᠣᠷᠤᠯᠴᠠᠭᠤᠯᠵᠤ᠂ ᠶᠡᠭᠡ ᠪᠠᠭ᠎ᠠ ᠪᠣᠯᠴᠢᠩ ᠤᠨ ᠭᠦᠳᠡᠯᠭᠡᠭᠡᠨ ᠢ ᠨᠢ ᠠᠭᠢᠭᠤᠯᠵᠤ᠂ ᠵᠢᠭᠠᠨ ᠰᠤᠷᠭᠠᠯᠳᠠ ᠶᠢᠨ ᠵᠤᠷᠢᠯᠭ᠎ᠠ ᠳᠠᠭᠠᠨ ᠢᠯᠭᠤᠮ ᠭᠦᠷᠭᠦ ᠪᠣᠯᠤᠮᠵᠢ ᠶᠢ ᠬᠠᠩᠭ᠋ᠠᠭᠰᠠᠨ᠃

ᠣᠷᠴᠢᠮ᠂ ᠪᠢ ᠳᠤᠭᠳᠠᠬᠤ ᠰᠢᠶᠠᠨ ᠳᠤ ᠭᠦᠷᠴᠤ ᠵᠢᠭᠠᠨ ᠰᠤᠷᠭᠠᠯᠳᠠ ᠶᠢᠨ ᠵᠢᠯᠤᠭᠤᠳᠤᠯᠭ᠎ᠠ ᠭᠢᠭ᠍ᠰᠡᠨ᠃ ᠳᠠᠳᠠ ᠮᠤᠩᠭ᠋ᠤᠯ ᠰᠤᠷᠤᠭᠴᠢᠳ ᠲᠠᠭᠠᠨ ᠣᠯᠠᠮᠵᠢᠯᠠᠯᠳᠤ ᠰᠤᠶᠤᠯ ᠤᠨ ᠭᠢᠴᠢᠶᠠᠯ ᠣᠷᠤᠬᠤ ᠳᠠᠭᠠᠨ ᠵᠥᠪᠭᠡᠨ ᠬᠠᠮᠢᠶ᠎ᠠ ᠪᠦᠭᠦᠢ ᠠᠭᠤᠯᠭ᠎ᠠ ᠲᠡᠶ ᠳᠦᠭᠦᠮ ᠵᠢᠷᠤᠭ ᠠᠪᠴᠢᠷᠠᠴᠢᠬᠠᠭᠠᠤᠨ ᠵᠢᠭᠠᠬᠤ ᠨᠢ ᠶᠠᠷᠤ ᠨᠢ ᠦᠷ᠎ᠡ ᠪᠦᠳᠦᠮᠵᠢ ᠪᠠᠷ ᠠᠨᠠᠢ ᠪᠠᠢ᠌ᠭᠰᠠᠨ᠃ ᠰᠤᠷ ᠬᠠᠷᠪᠣᠬᠤ ᠪᠠᠷ ᠪᠣᠳᠤᠪᠠᠯ ᠦᠪ ᠦᠨᠡᠨ ᠭᠡᠷᠡᠭ᠍ᠰᠡᠯ ᠢ ᠨᠢ ᠠᠪᠴᠢᠷᠠᠵᠤ᠂ ᠡᠨᠠ ᠪᠣᠯ ᠰᠤᠷ᠂ ᠨᠤᠮᠤ᠂ ᠭᠦᠪᠴᠢ ᠭᠡᠭᠦ ᠵᠡᠷᠭᠡ ᠪᠠᠷ ᠵᠢᠭᠠᠭᠰᠠᠨ ᠪᠣᠯ ᠬᠡᠦᠬᠡᠳ ᠤᠳ ᠥᠵᠡᠮᠡᠭ᠍ᠴᠡ ᠣᠢ᠌ᠯᠠᠭᠠᠵᠤ᠂ ᠳᠠᠷᠠᠴᠢᠯᠠᠨ ᠬᠤᠶᠠᠷ ᠣᠳᠠᠭ᠎ᠠ ᠬᠠᠷᠠᠪᠠᠯ ᠴᠡᠭᠡᠵᠢᠯᠡᠴᠢᠭᠡᠨ᠎ᠡ᠂ ᠳᠠᠷᠠ ᠶᠠᠭᠤᠮ᠎ᠠ ᠲᠡᠶ ᠳᠠᠨᠢᠯ ᠳᠠᠰᠤᠯ ᠪᠣᠯᠴᠢᠬᠠᠨ᠎ᠠ᠃ ᠡᠨᠠ ᠳᠠᠯ᠎ᠠ ᠪᠠᠷ ᠳᠠᠳᠠ ᠰᠠᠢ᠌ᠨ ᠭᠢᠵᠤ ᠴᠢᠳᠠᠭᠰᠠᠨ ᠦᠭᠡᠶ᠃

ᠪᠢᠳᠠ ᠴᠡᠴᠡᠷᠯᠢᠭ᠌ ᠲᠡᠭᠡᠨ ᠪᠠᠰᠠ ᠮᠤᠩᠭ᠋ᠤᠯ ᠭᠡᠷ ᠵᠢᠴᠢ ᠭᠡᠷ ᠤᠨ ᠡᠳ᠋ᠯᠠᠯ ᠭᠡᠷᠡᠭ᠍ᠰᠡᠯ᠂ ᠡᠮᠡᠭᠡᠯ ᠬᠠᠵᠠᠭᠠᠷ᠂ ᠠᠷᠤᠭ ᠰᠠᠪᠠᠷ ᠡᠴᠡ ᠠᠪᠣᠭᠠᠤᠨ ᠬᠠᠰᠠᠭ ᠳᠡᠷᠭᠡ᠂ ᠳᠠᠪᠤᠨ ᠬᠤᠰᠢᠭᠤ ᠮᠠᠯ ᠤᠨ ᠵᠬᠠᠪᠣᠷ ᠵᠡᠷᠭᠡ ᠮᠤᠩᠭ᠋ᠤᠯ ᠠᠮᠢᠳᠤᠷᠠᠯ ᠰᠤᠶᠤᠯ ᠤᠨ ᠵᠣᠢ᠌ᠯᠠᠰ ᠢ ᠣᠯᠠᠨ ᠴᠤᠭᠯᠠᠭᠤᠯᠵᠤ᠂ ᠬᠡᠦᠬᠡᠳ ᠤᠳ ᠲᠠᠭᠠᠨ ᠰᠢᠭᠤᠳ ᠬᠠᠷᠠᠭᠳᠠᠯᠳᠤ ᠭᠦᠮᠦᠵᠢᠯ ᠭᠢᠵᠤ ᠳᠤᠩ ᠰᠠᠢ᠌ᠨ ᠦᠷ᠎ᠡ ᠠᠰᠢᠭ ᠣᠯᠵᠤ ᠪᠠᠢ᠌ᠨ᠎ᠠ᠃ ᠵᠠᠷᠢᠮ ᠬᠡᠦᠬᠡᠳ ᠤᠨ ᠭᠡᠷ ᠤᠨ ᠠᠬᠠᠮᠠᠤᠨ ᠨᠢ ᠮᠡᠳᠡᠭᠦ ᠦᠭᠡᠶ ᠵᠣᠢ᠌ᠯᠠᠰ ᠶᠢᠡᠨ ᠬᠡᠦᠬᠡᠳ ᠡᠴᠡ ᠪᠠᠨ ᠮᠠᠳᠠᠵᠤ ᠰᠤᠷᠴᠤ ᠪᠠᠢ᠌ᠨ᠎ᠠ᠃

ᠴᠡᠴᠡᠷᠯᠢᠭ᠌ ᠲᠡᠭᠡᠨ ᠴᠢᠩᠭᠢᠰ ᠬᠠᠭᠠᠨ ᠤ ᠱᠤᠭᠤᠮᠠᠯ ᠢ ᠪᠣᠰᠬᠠᠵᠤ᠂ ᠳᠠᠳᠠᠨ ᠳᠤ ᠦᠨᠳᠦᠰᠦᠳᠠᠨ ᠤ ᠡᠭᠦᠰᠦᠯ ᠭᠠᠷᠤᠯ᠂ ᠡᠪᠦᠭᠡ ᠳᠡᠭᠡᠳᠦᠰ ᠢ ᠨᠢ ᠮᠡᠳᠡᠭᠦᠯᠵᠤ᠂ ᠶᠠᠭᠠᠭᠢᠵᠤ ᠮᠦᠷᠭᠦᠵᠤ ᠳᠠᠭᠢᠬᠤ ᠵᠡᠷᠭᠡ ᠬᠠᠮᠢᠶ᠎ᠠ ᠲᠡᠶ ᠭᠦᠮᠦᠵᠢᠯ ᠭᠢᠭᠦ ᠳᠤ ᠮᠠᠨ ᠤ ᠬᠡᠦᠬᠡᠳ ᠤᠳ ᠳᠠᠷᠠᠭ᠎ᠠ ᠡᠳᠤᠷ ᠨᠢ ᠡᠴᠢᠭᠡ ᠡᠭᠡ ᠪᠠᠨ ᠳᠠᠭᠠᠭᠤᠯᠵᠤ᠂ ᠳᠡᠭᠡᠳᠦᠰ ᠤᠨ ᠱᠤᠭᠤᠮᠠᠯ ᠳᠤ 《ᠠᠯᠪᠠᠳᠠᠵᠤ》 ᠮᠦᠷᠭᠦᠭᠦᠯᠵᠤ ᠪᠠᠢ᠌ᠭᠰᠠᠨ ᠴᠤ ᠣᠳᠠᠭ᠎ᠠ ᠲᠡᠶ᠃


ᠵᠤᠬᠢᠶᠠᠭᠴᠢ ᠶᠢᠨ ᠬᠠᠶ‍ᠢᠭ᠄ ᠬᠦᠬᠡᠬᠤᠲᠠ ᠤᠨ ᠮᠤᠩᠭ᠋ᠤᠯ ᠦᠨᠳᠦᠰᠦᠳᠠᠨ ᠤ ᠬᠡᠦᠬᠡᠳ ᠤᠨ ᠴᠡᠴᠡᠷᠯᠢᠭ᠌

ᠵᠤᠬᠢᠶᠠᠭᠴᠢ᠄ ᠥᠨᠢᠷᠴᠡᠴᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2964
ᠴᠠᠭ᠄ 2010 ᠤᠨ ᠤ 07 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ