ᠨᠡᠪᠲᠡᠷᠡᠨ ᠤᠷᠤᠬᠤ
ᠡᠨᠡ ᠳᠠᠷ᠎ᠠ ᠳᠡᠭᠡᠷ᠎ᠡ

ᠬᠤᠨᠤᠭ ᠤᠨ ᠵᠡᠭᠦᠳᠡᠨ ᠳᠠᠷ᠎ᠠ ᠳᠡᠭᠡᠷ᠎ᠡ ᠮᠢᠨᠢ

ᠬᠠᠷ᠎ᠠ ᠶᠠᠭᠤᠮ᠎ᠠ ᠣᠢ᠌ᠷᠠᠳᠤᠭ᠎ᠠ ᠦᠭᠡᠶ ᠴᠠᠭᠠᠨ ᠪᠠᠢ᠌ᠯ᠎ᠠ

ᠬᠤᠯᠠ ᠶᠢᠨ ᠵᠢᠷᠭᠠᠯ ᠢ ᠵᠡᠭᠦᠳᠤᠨ ᠳᠠᠷ᠎ᠠ ᠳᠡᠭᠡᠷ᠎ᠡ ᠪᠠᠨ ᠦᠵᠡᠯ᠎ᠠ

ᠬᠠᠶᠠ ᠨᠢᠭᠡ ᠪᠠᠷᠠᠭᠠᠨ ᠰᠡᠭᠦᠳᠡᠷ ᠪᠦᠷᠳᠦᠯᠵᠡᠵᠤ ᠪᠠᠢ᠌ᠯ᠎ᠠ᠃

ᠡᠨᠡ ᠳᠠᠷ᠎ᠠ ᠳᠡᠭᠡᠷ᠎ᠡ ᠮᠠᠨᠠᠭᠰᠠᠨ ᠵᠡᠭᠦᠳᠤ

ᠡᠨᠡ ᠳᠠᠷ᠎ᠠ ᠳᠡᠭᠡᠷ᠎ᠡ ᠬᠤᠯᠵᠢᠭᠰᠠᠨ ᠨᠣᠢ᠌ᠷ

ᠡᠨᠡ ᠳᠠᠷ᠎ᠠ ᠳᠡᠭᠡᠷ᠎ᠡ ᠪᠤᠳᠤᠭᠰᠠᠨ ᠪᠣᠳᠤᠯ

ᠡᠨᠡ ᠳᠠᠷ᠎ᠠ ᠳᠡᠭᠡᠷ᠎ᠡ ᠪᠦᠮᠪᠦᠷᠢᠭ᠍ᠰᠡᠨ ᠨᠢᠯᠪᠣᠰᠤ

ᠵᠡᠭᠦᠳᠤᠨ ᠤ ᠥᠷᠭᠦᠯᠵᠢᠯᠡᠯ ᠡᠨᠡ ᠳᠠᠷ᠎ᠠ ᠳᠡᠭᠡᠷ᠎ᠡ ᠵᠥᠴᠦᠭᠡ ᠳᠤᠭᠯᠠᠪᠠ

ᠶ‍ᠢᠷᠳᠢᠠᠴᠤ ᠶᠢᠨ ᠰᠠᠢ᠌ᠬᠠᠨ ᠢ ᠵᠡᠭᠦᠳᠤᠨ ᠳᠡᠭᠡᠨ ᠮᠠᠨᠠᠪᠠ

ᠶᠠᠷᠤ ᠪᠣᠰᠤ ᠶᠢᠨ ᠶᠠᠭᠤᠮ᠎ᠠ ᠶᠢ ᠣᠬᠠᠭᠠᠨ ᠳᠤᠳᠠᠭᠤ

ᠬᠠᠷ᠎ᠠ ᠪᠠᠶ᠎ᠠ ᠪᠠᠷ ᠶᠢᠡᠨ ᠳᠤᠭᠤᠯᠪᠠ

ᠡᠨᠡ ᠳᠠᠷ᠎ᠠ ᠳᠡᠭᠡᠷ᠎ᠡ ᠭᠦᠮᠤᠨ ᠪᠦᠭᠦᠨ ᠤ

ᠡᠳ᠋ᠯᠡᠭ᠍ᠰᠡᠨ ᠵᠤᠪᠠᠯᠠᠩ ᠵᠢᠷᠭᠠᠯᠠᠩ ᠬᠤᠶᠠᠷ ᠢᠭᠢᠷᠠᠯᠠᠵᠤ ᠪᠠᠢ᠌ᠳᠠᠭ

ᠠᠮᠢᠳᠤ ᠭᠦᠮᠤᠨ ᠤ ᠵᠡᠭᠦᠳᠤ

ᠡᠨᠡ ᠳᠠᠷ᠎ᠠ ᠳᠡᠭᠡᠷ᠎ᠡ ᠪᠠᠢ᠌ᠳᠠᠭ ᠪᠣᠯᠬᠤᠷ

ᠡᠴᠦᠰ ᠤᠨ ᠠᠮᠢᠰᠬᠤᠭ᠎ᠠ ᠪᠠᠨ

ᠡᠨᠡ ᠳᠠᠷ᠎ᠠ ᠳᠡᠭᠡᠷ᠎ᠡ ᠬᠤᠷᠢᠶᠠᠳᠠᠭ ᠨᠢ ᠣᠯᠠᠩᠭᠢ ᠨᠢ ᠶᠤᠮ

ᠬᠠᠳᠠᠭᠤ ᠵᠥᠭᠡᠯᠡᠨ ᠦᠨᠳᠦᠷ ᠪᠣᠭᠤᠨᠢ

ᠡᠨᠡ ᠳᠠᠷ᠎ᠠ ᠳᠡᠭᠡᠷ᠎ᠡ

ᠬᠠᠯᠠ ᠵᠤᠪᠠᠯᠠᠩ ᠬᠠᠢ᠌ᠷ᠎ᠠ ᠵᠢᠷᠭᠠᠯ

ᠡᠭᠢᠯᠡᠯᠳᠡ ᠳᠡᠭᠦᠰᠭᠡᠯ ᠬᠤᠶᠠᠷ ᠵᠦᠷᠢᠴᠠᠯᠳᠤᠵᠤ ᠪᠠᠢ᠌ᠳᠠᠭ

ᠵᠤᠪᠠᠵᠤ ᠪᠠᠢ᠌ᠭᠰᠠᠨ ᠴᠤ

ᠡᠨᠡ ᠳᠠᠷ᠎ᠠ ᠳᠡᠭᠡᠷ᠎ᠡ ᠤᠬᠢᠯᠠᠭ᠎ᠠ ᠦᠭᠡᠶ ᠪᠢᠯᠠ

ᠵᠢᠷᠭᠠᠵᠤ ᠪᠠᠢ᠌ᠭᠰᠠᠨ ᠴᠤ

ᠡᠨᠡ ᠳᠠᠷ᠎ᠠ ᠳᠡᠭᠡᠷ᠎ᠡ ᠪᠠᠨ ᠳᠠᠭᠤᠯᠠᠭ᠎ᠠ ᠦᠭᠡᠶ ᠪᠢᠯᠠ

ᠠᠢ᠌ᠯ ᠤᠨ ᠭᠡᠦᠭᠡᠨ ᠤ ᠬᠠᠢ᠌ᠷ᠎ᠠ ᠶᠢ

ᠡᠨᠡ ᠳᠠᠷ᠎ᠠ ᠳᠡᠭᠡᠷ᠎ᠡ ᠡᠴᠡ ᠬᠤᠯᠠᠭᠠᠢ᠌ᠯᠠᠵᠤ ᠴᠤ ᠶᠠᠪᠣᠯ᠎ᠠ

ᠠᠪᠣ ᠡᠵᠢ ᠨᠢ ᠮᠡᠳᠡᠴᠢᠭᠦ ᠡᠴᠡ ᠠᠶᠤᠭᠠᠤᠨ

ᠡᠨᠡ ᠳᠠᠷ᠎ᠠ ᠳᠡᠭᠡᠷ᠎ᠡ ᠡᠴᠡ ᠴᠤ ᠬᠤᠭᠤᠰᠤᠨ ᠪᠣᠴᠠᠯ᠎ᠠ

ᠰᠤᠭᠳᠤᠵᠤ ᠣᠨᠠᠪᠠᠯ ᠳᠠᠷ᠎ᠠ ᠲᠡᠶ᠂ ᠳᠠᠷ᠎ᠠ ᠦᠭᠡᠶ ᠪᠠᠨ ᠮᠡᠳᠡᠭ᠍ᠰᠡᠨ ᠦᠭᠡᠶ

ᠰᠤᠴᠢᠵᠤ ᠰᠠᠷᠢᠪᠠᠯ ᠳᠠᠷ᠎ᠠ ᠴᠤ ᠦᠭᠡᠶ᠂ ᠬᠠᠷ᠎ᠠ ᠳᠠᠷᠤᠭᠰᠠᠨ ᠬᠠᠷᠠᠩᠭ᠋ᠤᠢ ᠪᠠᠢ᠌ᠯ᠎ᠠ

ᠮᠤᠷᠢ ᠪᠠᠨ ᠠᠷᠬᠠᠯᠠᠵᠤ ᠭᠡᠭᠡᠷ᠎ᠡ ᠬᠤᠨᠤᠬᠤ ᠳᠤ

ᠡᠮᠡᠭᠡᠯ ᠮᠢᠨᠢ ᠳᠠᠷ᠎ᠠ ᠪᠠᠢ᠌ᠯ᠎ᠠ

ᠮᠤᠩᠭ᠋ᠤᠯ ᠣᠷᠤᠨ ᠶᠢᠡᠷ ᠠᠶᠠᠯᠠᠵᠤ ᠶᠠᠪᠣᠬᠤ ᠳᠤ

ᠡᠭᠡ ᠭᠡᠯᠡ ᠮᠢᠨᠢ ᠳᠠᠷ᠎ᠠ ᠪᠠᠢ᠌ᠯ᠎ᠠ

ᠡᠨᠡ ᠳᠠᠷ᠎ᠠ ᠳᠡᠭᠡᠷ᠎ᠡ ᠤᠯᠡᠨ ᠶᠠᠭᠤᠮ᠎ᠠ ᠶᠢ ᠳᠦᠰᠦᠭᠡᠯᠡᠨ ᠪᠣᠳᠤᠯ᠎ᠠ

ᠡᠨᠡ ᠳᠠᠷ᠎ᠠ ᠳᠡᠭᠡᠷ᠎ᠡ ᠤᠯᠡᠨ ᠶᠠᠭᠤᠮ᠎ᠠ ᠶᠢ ᠳᠦᠷᠰᠦᠯᠠᠨ ᠪᠢᠴᠢᠯ᠎ᠠ

ᠡᠨᠡ ᠳᠠᠷ᠎ᠠ ᠳᠡᠭᠡᠷ᠎ᠡ ᠡᠭᠡᠨᠡᠷ ᠲᠡᠶ ᠪᠠᠨ ᠭᠡᠷᠡᠯᠳᠦᠴᠢᠭᠡᠤᠨ

ᠴᠠᠭᠠᠷ᠎ᠠ ᠪᠠᠨ ᠬᠠᠯᠢᠶᠠᠭᠠᠤᠨ ᠭᠡᠪᠳᠡᠵᠤ ᠴᠤ ᠪᠠᠢ᠌ᠯ᠎ᠠ

ᠡᠨᠡ ᠳᠠᠷ᠎ᠠ ᠳᠡᠭᠡᠷ᠎ᠡ ᠬᠤᠶᠠᠭᠤᠯᠠ ᠪᠠᠨ ᠡᠪᠰᠡᠯᠳᠦᠭᠡᠤᠨ ᠪᠠᠰᠠ

ᠨᠠᠭᠠᠷ᠎ᠠ ᠪᠠᠨ ᠬᠠᠯᠢᠶᠠᠭᠠᠤᠨ ᠢᠨᠢᠶᠠᠯᠳᠤᠵᠤ ᠴᠤ ᠪᠠᠢ᠌ᠯ᠎ᠠ

ᠡᠨᠡ ᠳᠠᠷ᠎ᠠ ᠳᠡᠭᠡᠷ᠎ᠡ ᠪᠠᠨ ᠰᠠᠢ᠌ᠬᠠᠨ ᠮᠠᠭᠤᠬᠠᠢ ᠶᠠᠭᠤᠮ᠎ᠠ ᠴᠤ ᠵᠡᠭᠦᠳᠦᠯᠡᠯ᠎ᠡ

ᠡᠨᠡ ᠳᠠᠷ᠎ᠠ ᠪᠠᠨ ᠥᠨᠦᠴᠢᠷᠡᠭᠦᠯᠵᠤ ᠬᠠᠶᠠᠭᠠᠤᠨ ᠬᠠᠷᠢ ᠭᠠᠵᠠᠷ ᠳᠠᠨᠤᠵᠤ ᠴᠤ ᠶᠠᠪᠣᠯ᠎ᠠ

ᠡᠭᠢ ᠠᠳᠠᠭ ᠦᠭᠡᠶ ᠪᠦᠳᠡᠭᠢ ᠵᠡᠭᠦᠳᠤ

ᠡᠨᠡ ᠳᠠᠷ᠎ᠠ ᠳᠡᠭᠡᠷ᠎ᠡ ᠳᠦᠭᠡᠷᠢᠵᠤ ᠬᠤᠨᠤᠯ᠎ᠠ

ᠡᠰᠡᠨ ᠪᠣᠰᠤ ᠶᠢᠨ ᠶᠠᠭᠤᠮ᠎ᠠ

ᠡᠨᠡ ᠳᠠᠷ᠎ᠠ ᠳᠡᠭᠡᠷ᠎ᠡ ᠬᠠᠷᠰᠢᠯᠳᠦᠵᠤ ᠪᠠᠢ᠌ᠯ᠎ᠠ

ᠰᠢᠪᠠᠭᠤᠨ ᠤ ᠦᠳᠦ ᠲᠡᠶ ᠵᠥᠭᠡᠯᠡᠨ ᠳᠠᠷ᠎ᠠ

ᠰᠢᠪᠠᠨᠡᠭ᠍ᠰᠡᠨ ᠥᠭᠡ ᠶᠢ ᠴᠢᠩᠨᠠᠵᠤ ᠱᠤᠤᠭᠢᠭᠰᠠᠨ ᠬᠠᠢ᠌ᠷ᠎ᠠ ᠶᠢᠨ ᠳᠠᠷ᠎ᠠ

ᠰᠢᠯᠢ ᠭᠦᠵᠦᠭᠦᠨ ᠤ ᠭᠦᠰᠢᠭᠦᠷᠡᠯ ᠢ ᠢᠯᠪᠢᠵᠤ ᠳᠤᠮᠨᠠᠭᠰᠠᠨ ᠳᠠᠷ᠎ᠠ

ᠰᠢᠯᠦᠭ᠌ ᠤᠨ ᠣᠩᠭ᠋ᠤᠳ ᠢ ᠥᠤᠷ ᠶᠢᠡᠷ ᠴᠠᠭᠢᠭᠰᠠᠨ ᠳᠠᠷ᠎ᠠ︕

ᠡᠨᠡ ᠳᠠᠷ᠎ᠠ ᠳᠡᠭᠡᠷ᠎ᠡ ᠵᠢᠷᠭᠠᠭᠰᠡᠨ ᠨᠠᠷᠠ ᠡᠷᠳᠡ ᠮᠠᠠᠳᠤᠯ᠎ᠠ

ᠡᠨᠡ ᠳᠠᠷ᠎ᠠ ᠳᠡᠭᠡᠷ᠎ᠡ ᠬᠠᠪᠢᠷᠭᠠᠯᠠᠭᠰᠠᠨ ᠰᠠᠷᠠ ᠳᠡᠷᠭᠡᠯᠰᠢᠯ᠎ᠡ

ᠡᠨᠡ ᠳᠠᠷ᠎ᠠ ᠳᠡᠭᠡᠷ᠎ᠡ ᠪᠦᠷᠭᠦᠭ᠍ᠰᠡᠨ ᠡᠭᠦᠯᠡ ᠴᠣᠢ᠌ᠯᠠᠷᠠᠵᠤ ᠨᠡᠭᠦᠯ᠎ᠡ

ᠡᠨᠡ ᠳᠠᠷ᠎ᠠ ᠳᠡᠭᠡᠷ᠎ᠡ ᠬᠤᠯᠢᠯᠳᠤᠵᠤ ᠣᠷᠤᠭᠰᠠᠨ ᠴᠠᠰᠤ ᠪᠣᠷᠤᠭᠠᠨ ᠬᠠᠢ᠌ᠯᠵᠤ ᠳᠠᠳᠠᠷᠠᠯ᠎ᠠ

ᠣᠯᠠᠷᠢᠯ ᠤᠨ ᠳᠠᠷ᠎ᠠ ᠴᠠᠭ ᠠᠭᠤᠷ ᠢ ᠮᠡᠳᠡᠭᠡᠯᠡᠵᠤ ᠪᠠᠢ᠌ᠯ᠎ᠠ

ᠣᠷᠴᠢᠯᠠᠩ ᠭᠠᠩᠳᠠᠵᠤ ᠰᠡᠷᠭᠦᠵᠤ᠂ ᠵᠤᠳ ᠵᠤᠨ ᠬᠤᠶᠠᠷ

ᠭᠦᠮᠤᠨ ᠪᠠᠢ᠌ᠭᠠᠯᠢ ᠬᠤᠶᠠᠷ ᠲᠡᠶ ᠦᠰᠢᠯᠳᠤᠵᠤ ᠴᠤ ᠪᠠᠢ᠌ᠯ᠎ᠠ

ᠡᠨᠡ ᠳᠠᠷ᠎ᠠ ᠳᠡᠭᠡᠷ᠎ᠡ ᠲ᠋ᠡᠪᠠᠷᠢᠯᠳᠦᠵᠤ ᠣᠠᠳᠠᠭᠰᠠᠨ ᠵᠢᠷᠭᠠᠯ

ᠡᠨᠡ ᠳᠠᠷ᠎ᠠ ᠳᠡᠭᠡᠷ᠎ᠡ ᠡᠴᠡ ᠰᠠᠯᠵᠤ ᠪᠣᠳᠠᠷᠠᠭᠰᠠᠨ ᠠᠢ᠌ᠯ

ᠡᠨᠡ ᠳᠠᠷ᠎ᠠ ᠳᠡᠭᠡᠷ᠎ᠡ ᠥᠨᠦᠴᠢᠷᠡᠭ᠍ᠰᠡᠨ ᠭᠡᠦᠭᠡᠤᠨ

ᠡᠨᠡ ᠳᠠᠷ᠎ᠠ ᠳᠡᠭᠡᠷ᠎ᠡ ᠬᠠᠭᠠᠴᠡᠯ ᠥᠵᠡᠭ᠍ᠰᠡᠨ ᠡᠷ᠎ᠡ ᠡᠮ᠎ᠡ

ᠡᠨᠡ ᠳᠠᠷ᠎ᠠ ᠳᠡᠭᠡᠷ᠎ᠡ ᠰᠡᠶ‍ᠢᠬᠠᠨ ᠬᠤᠷᠢᠮᠯᠠᠭᠰᠠᠨ ᠬᠤᠶᠠᠷ

ᠡᠨᠡ ᠳᠠᠷ᠎ᠠ ᠠᠮᠢᠳᠤᠷᠠᠯ ᠪᠣᠶᠤ ᠭᠡᠷ ᠪᠦᠯᠢ ᠪᠠᠢ᠌ᠭᠰᠠᠨ

ᠡᠨᠡ ᠳᠠᠷ᠎ᠠ ᠳᠡᠭᠡᠷ᠎ᠡ ᠪᠠᠶᠡᠷ ᠭᠤᠨᠢᠭ ᠤᠨ ᠬᠤᠷᠸ᠎ᠠ ᠪᠠᠢ᠌ᠭᠰᠠᠨ

ᠡᠨᠡ ᠳᠠᠷ᠎ᠠ ᠳᠡᠭᠡᠷ᠎ᠡ ᠨᠢᠭᠤᠴᠠ ᠠᠮᠠᠷᠠᠭᠯᠠᠵᠤ ᠪᠠᠢ᠌ᠯ᠎ᠠ

ᠡᠨᠡ ᠳᠠᠷ᠎ᠠ ᠳᠡᠭᠡᠷ᠎ᠡ ᠪᠠᠰᠡ ᠬᠠᠷᠠᠳᠠᠯ ᠬᠠᠷᠠᠰᠠᠯ ᠳᠠᠪᠬᠤᠴᠠᠵᠤ ᠴᠤ ᠪᠠᠢ᠌ᠯ᠎ᠠ

ᠡᠨᠡ ᠳᠠᠷ᠎ᠠ ᠳᠡᠭᠡᠷ᠎ᠡ ᠡᠴᠡ ᠣᠯᠠᠨ ᠭᠡᠦᠭᠡᠡᠴᠦᠳ ᠴᠢᠭ᠌ ᠦᠭᠡᠶ ᠣᠷᠭᠤᠵᠤ ᠴᠤ ᠶᠠᠪᠣᠯ᠎ᠠ

ᠡᠨᠡ ᠳᠠᠷ᠎ᠠ ᠳᠡᠭᠡᠷ᠎ᠡ ᠤᠯᠡᠨ ᠭᠦᠦᠴᠦᠦᠯ ᠠᠮᠠᠷᠠᠭ ᠬᠤᠩᠭ᠋ᠤᠷ ᠦᠭᠡᠶ ᠨᠠᠰᠤᠵᠢᠯ᠎ᠠ

ᠠᠮᠠᠷᠠᠭ ᠤᠨ ᠵᠡᠭᠦᠳᠡᠨ ᠳᠠᠷ᠎ᠠ ᠳᠡᠭᠡᠷ᠎ᠡ ᠡᠷᠢᠭ᠍ᠳᠡᠭ᠍ᠰᠡᠨ

ᠠᠮᠢᠳᠤᠷᠠᠯ᠂ ᠬᠠᠢ᠌ᠷ᠎ᠠ ᠶᠢᠨ ᠨᠢᠭᠡᠳᠦᠯ ᠭᠤᠷᠪᠠᠯᠠᠯ ᠤᠨ ᠳᠤᠮᠢᠶ᠎ᠠ

ᠠᠢ᠌ᠯ ᠪᠣᠯᠤᠭ᠎ᠠ ᠦᠭᠡᠶ ᠵᠠᠯᠠᠭᠤᠰ ᠤᠨ ᠦᠨᠦᠴᠢᠨ ᠳᠠᠷ᠎ᠠ

ᠠᠮᠢ ᠨᠠᠰᠤᠨ ᠤ ᠣᠷᠳᠤ ᠪᠣᠭᠤᠨᠢ ᠳᠠᠷ᠎ᠠ

ᠵᠡᠭᠦᠳᠤ ᠪᠣᠳᠤᠯ ᠤᠨ ᠥᠷᠭᠦᠯᠵᠢᠯᠡᠵᠤ

ᠵᠠᠭᠤᠨ ᠢ ᠡᠯᠡᠭᠡᠭ᠍ᠰᠡᠨ ᠳᠠᠷ᠎ᠠ

ᠳᠡᠭᠡᠳᠦᠰ ᠤᠨ ᠮᠢᠨᠢ ᠳᠠᠷ᠎ᠠ

ᠳᠠᠪᠠᠯ ᠭᠤᠳᠤᠯ ᠨᠢ ᠪᠠᠢ᠌ᠯ᠎ᠠ

ᠪᠢᠳᠠᠨ ᠤ ᠳᠠᠷ᠎ᠠ

ᠪᠢᠳᠡᠭᠦᠤ ᠮᠠᠩᠨᠤᠭ ᠳᠤᠷᠭ᠎ᠠ ᠪᠠᠢ᠌ᠯ᠎ᠠ

ᠡᠨᠡ ᠳᠠᠷ᠎ᠠ ᠳᠡᠭᠡᠷ᠎ᠡ ᠡᠡᠯᠵᠡᠭᠤ ᠨᠢ ᠳᠠᠩᠭ᠋ᠠᠢ᠌ᠨ ᠭᠡᠪᠳᠡᠵᠤ ᠪᠠᠢ᠌ᠯ᠎ᠠ

ᠡᠨᠡ ᠳᠠᠷ᠎ᠠ ᠳᠡᠭᠡᠷ᠎ᠡ ᠡᠴᠡ ᠠᠵᠢᠯᠴᠢ ᠨᠢ ᠪᠣᠰᠤᠭᠠᠤᠨ ᠶᠠᠪᠣᠵᠤ ᠪᠠᠢ᠌ᠯ᠎ᠠ

ᠡᠨᠡ ᠳᠠᠷ᠎ᠠ ᠳᠡᠭᠡᠷ᠎ᠡ ᠰᠤᠭᠲᠤᠭᠤ ᠨᠢ ᠴᠠᠩᠭ᠋ᠠᠵᠤ ᠪᠠᠢ᠌ᠯ᠎ᠠ

ᠡᠨᠡ ᠳᠠᠷ᠎ᠠ ᠳᠡᠭᠡᠷ᠎ᠡ ᠡᠪᠠᠦᠡᠴᠢᠳᠡᠢ ᠨᠢ ᠶᠤᠤᠯᠠᠵᠤ ᠪᠠᠢ᠌ᠯ᠎ᠠ

ᠡᠨᠡ ᠳᠠᠷ᠎ᠠ ᠳᠡᠭᠡᠷ᠎ᠡ ᠭᠡᠦᠭᠡᠤᠨ ᠲᠦᠷᠦᠵᠤ ᠪᠠᠢ᠌ᠯ᠎ᠠ

ᠡᠨᠡ ᠳᠠᠷ᠎ᠠ ᠳᠡᠭᠡᠷ᠎ᠡ ᠡᠴᠡ ᠭᠦᠮᠤᠨ ᠬᠠᠯᠢᠵᠤ ᠪᠠᠢ᠌ᠯ᠎ᠠ

ᠡᠨᠡ ᠳᠠᠷ᠎ᠠ ᠳᠡᠭᠡᠷ᠎ᠡ ᠭᠦᠢᠳᠡᠨ ᠳᠠᠢ᠌ᠨ ᠤ ᠰᠡᠭᠦᠳᠡᠷ ᠪᠦᠷᠳᠣᠢ᠌ᠵᠤ ᠪᠠᠢ᠌ᠯ᠎ᠠ

ᠡᠨᠡ ᠳᠠᠷ᠎ᠠ ᠳᠡᠭᠡᠷ᠎ᠡ ᠲ᠋ᠡᠢ᠌ᠨ ᠵᠤᠭᠰᠤᠬᠤ ᠶᠢ ᠵᠠᠷᠯᠠᠵᠤ ᠪᠠᠢ᠌ᠯ᠎ᠠ

ᠡᠨᠡ ᠳᠠᠷ᠎ᠠ ᠳᠡᠭᠡᠷ᠎ᠡ ᠤᠢ ᠰᠢᠭᠤᠢ ᠰᠢᠳᠠᠵᠤ ᠪᠠᠢ᠌ᠯ᠎ᠠ

ᠡᠨᠡ ᠳᠠᠷ᠎ᠠ ᠳᠡᠭᠡᠷ᠎ᠡ ᠡᠩᠭᠡ ᠠᠮᠤᠭᠤᠯᠠᠩ ᠤᠨ ᠳᠠᠭᠳᠠᠭ᠎ᠠ ᠶᠢ ᠱᠠᠭᠯᠠᠵᠤ ᠪᠠᠢ᠌ᠯ᠎ᠠ

ᠡᠨᠡ ᠳᠠᠷ᠎ᠠ ᠳᠡᠭᠡᠷ᠎ᠡ ᠡᠴᠡ ᠬᠤᠷᠢᠳᠤᠭᠠᠷ ᠵᠠᠭᠤᠨ ᠪᠣᠴᠠᠯ᠎ᠠ

ᠡᠨᠡ ᠳᠠᠷ᠎ᠠ ᠳᠡᠭᠡᠷ᠎ᠡ ᠬᠤᠷᠢᠨ ᠨᠢᠭᠡᠳᠦᠭᠡᠷ ᠵᠠᠭᠤᠨ ᠢᠷᠠᠯ᠎ᠠ

ᠡᠨᠡ ᠳᠠᠷ᠎ᠠ ᠪᠣᠯ ᠳᠡᠯᠡᠭᠡᠢ ᠶᠢᠨ ᠪᠦᠮᠪᠦᠷᠴᠡᠭ᠌ ᠶᠤᠮ

ᠡᠨᠡ ᠳᠠᠷ᠎ᠠ ᠪᠣᠯ ᠭᠡᠦᠭᠡᠤᠨ ᠤᠨ ᠢᠷᠡᠭᠡᠳᠦᠢ ᠶᠤᠮ

ᠡᠨᠡ ᠳᠠᠷ᠎ᠠ ᠳᠡᠭᠡᠷ᠎ᠡ ᠡᠴᠡ ᠡᠷᠳᠡᠮᠳᠡᠨ ᠭᠠᠷᠤᠯ᠎ᠠ

ᠡᠨᠡ ᠳᠠᠷ᠎ᠠ ᠳᠡᠭᠡᠷ᠎ᠡ ᠡᠴᠡ ᠭᠡᠷᠡᠭ᠍ᠳᠡᠨ ᠱᠤᠷᠦᠡᠭ᠌ ᠳᠤ ᠣᠷᠤᠯ᠎ᠠ

ᠡᠨᠡ ᠳᠠᠷ᠎ᠠ ᠳᠡᠭᠡᠷ᠎ᠡ ᠥᠩᠭᠡ ᠮᠥᠩᠭᠦ ᠳᠤ ᠰᠢᠨᠤᠬᠠᠢ᠌ᠷᠠᠵᠤ ᠪᠠᠢ᠌ᠯ᠎ᠠ

ᠡᠨᠡ ᠳᠠᠷ᠎ᠠ ᠳᠡᠭᠡᠷ᠎ᠡ ᠬᠤᠳᠡ ᠭᠦᠳᠡᠭᠡ ᠶᠢᠨ ᠦᠨᠦᠷ ᠬᠤᠯᠢᠯᠳᠤᠵᠤ

ᠡᠭᠡ ᠭᠡᠯᠡ ᠮᠢᠨᠢ ᠬᠤᠯᠢᠮᠠᠭᠰᠢᠵᠤ ᠪᠠᠢ᠌ᠯ᠎ᠠ

ᠡᠨᠡ ᠳᠠᠷ᠎ᠠ ᠳᠡᠭᠡᠷ᠎ᠡ ᠥᠷ᠎ᠡ ᠪᠠᠨ ᠦᠨᠳᠠᠢ᠌ᠵᠤ ᠭᠦᠭᠦᠭᠦᠯᠦᠭ᠍ᠰᠡᠨ

ᠡᠵᠢ ᠭᠦᠮᠤᠨ ᠤ ᠠᠷᠢᠭᠤᠨ ᠰᠦ᠋ ᠶᠢᠨ ᠦᠨᠦᠷ ᠰᠢᠩᠭᠡᠰᠦᠳᠡᠢ ᠪᠣᠢ

ᠡᠨᠡ ᠳᠠᠷ᠎ᠠ ᠳᠡᠭᠡᠷ᠎ᠡ ᠭᠡᠦᠭᠡᠤᠨ ᠶᠢᠡᠨ ᠵᠠᠳᠠᠵᠤ ᠭᠦᠮᠦᠵᠢᠭᠦᠯᠦᠭ᠍ᠰᠡᠨ

ᠡᠴᠢᠭᠡ ᠭᠦᠮᠤᠨ ᠤ ᠠᠯᠳᠠᠨ ᠰᠤᠷᠭᠠᠯ ᠬᠠᠳᠠᠭᠠᠰᠤᠳᠠᠢ ᠪᠣᠢ︕

ᠡᠨᠡ ᠳᠠᠷ᠎ᠠ ᠳᠤᠤᠷ᠎ᠠ ᠠᠯᠳᠠ ᠪᠠᠢ᠌ᠭᠰᠠᠨ

ᠭᠠᠵᠠᠷ ᠤᠨ ᠪᠦᠳᠤᠨ ᠦᠷᠦ ᠶᠢ ᠰᠡᠭᠯᠡᠵᠤ ᠮᠠᠯᠳᠠᠪᠠ

ᠡᠨᠡ ᠳᠠᠷ᠎ᠠ ᠳᠡᠭᠡᠷ᠎ᠡ ᠠᠮᠢᠳᠦᠷᠡᠯ ᠪᠠᠢ᠌ᠭᠰᠠᠨ

ᠪᠠᠶᠠᠨ ᠶᠠᠳᠠᠭᠤ ᠶᠢᠨ ᠵᠦᠷᠢᠶ᠎ᠠ ᠳᠡᠭ᠍ᠰᠢᠷᠡᠭᠡ ᠦᠭᠡᠶ ᠪᠠᠢ᠌ᠯ᠎ᠠ

ᠪᠠᠢ᠌ᠷᠢ ᠰᠠᠭᠤᠷᠢ ᠲᠡᠶ ᠡᠷᠭᠡ ᠶᠢᠨ ᠦᠨᠳᠦᠷ ᠳᠠᠷ᠎ᠠ ᠶᠢ

ᠪᠠᠷᠤᠭ ᠤᠨ ᠭᠦᠮᠤᠨ ᠡᠳ᠋ᠯᠡᠵᠤ ᠴᠢᠳᠠᠭ᠎ᠠ ᠦᠭᠡᠶ ᠪᠠᠢ᠌ᠯ᠎ᠠ

ᠬᠠᠷᠠᠴᠤ ᠶᠢᠨ ᠳᠠᠷ᠎ᠠ ᠊ᠭ᠍‍ᠬᠢᠷ ᠲᠡᠶ ᠪᠠᠢ᠌ᠭᠰᠠᠨ ᠴᠤ

ᠠᠵᠢᠯ ᠭᠦᠳᠡᠯᠮᠦᠷᠢ ᠶᠢᠨ ᠦᠨ᠎ᠡ ᠥᠷᠳᠡᠭ᠌ ᠲᠡᠶ ᠪᠠᠢ᠌ᠯ᠎ᠠ

ᠬᠠᠭᠠᠨ ᠤ ᠳᠠᠷ᠎ᠠ ᠊ᠭ᠍‍ᠬᠢᠷ ᠦᠭᠡᠶ ᠪᠠᠢ᠌ᠭᠰᠠᠨ ᠴᠤ

ᠢᠯᠵᠠᠷᠠᠨ ᠳᠤᠷᠣᠢ᠌ᠳᠠᠪᠠᠯ ᠬᠠᠷ᠎ᠠ ᠡᠴᠡ ᠬᠠᠷ᠎ᠠ ᠶᠤᠮ

ᠡᠨᠡ ᠳᠠᠷ᠎ᠠ ᠳᠡᠭᠡᠷ᠎ᠡ ᠡᠴᠡ ᠪᠠᠨ

ᠥᠭᠡᠷ᠎ᠡ ᠶ‍ᠢᠷᠳᠢᠠᠴᠤ ᠳᠤ ᠣᠴᠢᠬᠤ ᠳᠤ

ᠳᠡᠷᠡᠯᠡᠭ᠍ᠰᠡᠨ ᠳᠠᠷ᠎ᠠ ᠨᠢ ᠴᠢᠯᠠᠭᠤᠨ ᠶᠤᠮ

ᠳᠡᠪᠢᠰᠦᠭ᠍ᠰᠡᠨ ᠳᠡᠪᠢᠰᠭᠡᠷ ᠨᠢ ᠳᠡᠯᠡᠭᠡᠢ ᠶᠤᠮ

ᠳᠡᠭᠡᠷ᠎ᠡ ᠡᠴᠡ ᠨᠢ ᠬᠤᠴᠢᠭᠰᠠᠨ ᠳᠡᠭ᠍ᠷᠢ ᠳᠤ

ᠳᠡᠭ᠍ᠳᠡᠭ᠍ᠰᠡᠨ ᠰᠦᠨᠠᠰᠤ ᠨᠢ ᠡᠷᠯᠢᠭ᠌ ᠤᠨ ᠳᠠᠷ᠎ᠠ ᠲᠡᠶ ᠶᠤᠮ᠁

ᠵᠤᠬᠢᠶᠠᠭᠴᠢ᠄ ᠶ‍ᠤ᠋·ᠮᠦᠩᠬᠡ‍ᠪᠠᠭᠠᠲᠤᠷ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3241
ᠴᠠᠭ᠄ 2006 ᠤᠨ ᠤ 08 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ