ᠨᠡᠪᠲᠡᠷᠡᠨ ᠤᠷᠤᠬᠤ
ᠨᠤᠲ᠋ ᠦᠭᠡᠶ ᠳᠠᠭᠤᠤ
ᠬᠠᠢ᠌ᠷᠠᠳᠠᠢ ᠰᠤᠷᠤᠭᠴᠢ ᠦᠯᠵᠡᠢ ᠶᠢᠨ ᠵᠢᠠᠨ ᠬᠠᠯᠢᠵᠤ ᠣᠳᠤᠭᠰᠠᠨ ᠳᠤ ᠭᠢᠩᠰᠢᠨᠠᠮ

ᠠᠰᠠᠵᠤ ᠳᠦᠷᠡᠯᠵᠡᠭᠡ ᠭᠠᠯ ᠰᠢᠭ

ᠴᠠᠭᠢᠯᠵᠤ ᠶᠠᠪᠣᠭᠰᠠᠨ ᠵᠠᠯᠠᠭᠤ ᠨᠠᠰᠤ

ᠠᠮᠢᠳᠤᠷᠠᠯ ᠤᠨ ᠪᠠᠷᠭᠡ ᠭᠦᠴᠢᠷ ᠢ

ᠵᠤᠷᠢᠭ ᠶᠢᠡᠷ ᠳᠡᠢ᠌ᠯᠦᠭ᠍ᠰᠡᠨ ᠵᠠᠯᠠᠭᠤ ᠨᠠᠰᠤ

ᠢᠨᠢᠶᠠᠳᠤ ᠳᠦᠭᠦᠷᠡᠩ ᠳᠤᠳᠤᠷᠠᠭᠤᠯᠤᠭᠰᠠᠨ

ᠦᠯᠵᠡᠢ ᠥᠭᠡᠳᠡ ᠲᠡᠶ ᠰᠤᠷᠤᠭᠴᠢ ᠮᠢᠨᠢ

ᠲᠦᠮᠡᠨ ᠠᠭᠳᠠ ᠶᠢᠨ ᠳᠦᠷᠦᠭᠦᠨ ᠡᠴᠡ

ᠳᠡᠭᠡᠳᠤ ᠳᠤᠮᠳᠠᠳᠤ ᠡᠴᠡ ᠴᠤᠯᠭᠤᠷᠠᠭᠰᠠᠨ ᠭᠠᠭᠴᠠ

ᠳᠡᠭᠡᠳᠤ ᠶᠡᠭᠡ ᠰᠤᠷᠭᠠᠭᠤᠯᠢ ᠳ᠋ᠠᠭᠠᠨ

ᠳᠠᠭᠤᠤ ᠣᠷᠠᠯᠢᠭ ᠲᠤ ᠳᠠᠳᠠᠭᠳᠠᠭᠰᠠᠨ ᠭᠦᠮᠤᠨ

《ᠦᠨᠢᠷ ᠰᠠᠢ᠌ᠬᠠᠨ ᠦᠪᠣᠷ ᠮᠤᠩᠭ᠋ᠤᠯ》 ᠡᠴᠡ

ᠣᠶᠠᠩᠭ᠋᠎ᠠ ᠪᠠᠨ ᠴᠤᠤᠷᠢᠶᠠᠳᠠᠭᠤᠯᠤᠭᠰᠠᠨ ᠮᠤᠩᠭ᠋ᠤᠯ ᠡᠷ᠎ᠡ

ᠳᠤᠯᠤᠭᠠᠨ ᠨᠤᠮᠸᠷ ᠶᠢᠡᠷ ᠣᠯᠠᠷᠢᠭᠤᠯᠤᠨ ᠭᠦᠭᠯᠡᠭ᠍ᠰᠡᠨ

ᠳᠠᠭᠤᠤ ᠨᠤᠲ᠋ ᠴᠢᠨᠢ ᠣᠶᠠᠬᠠᠨ ᠭᠡᠨᠡᠤ︖

ᠳᠠᠯ᠎ᠠ ᠶᠢᠨ ᠬᠤᠳᠠ ᠡᠷᠢᠶ‍ᠡᠨ ᠳ᠋ᠡᠭᠡᠨ

ᠳᠠᠷᠬᠠᠨ ᠠᠪᠢᠶᠠᠰᠳᠠᠨ ᠴᠤᠯᠠ ᠲᠡᠶ ᠭᠡᠨᠡᠤ︖

ᠪᠠᠶᠠᠷ ᠨᠠᠢ᠌ᠷ ᠤᠨ ᠥᠩᠭᠡ ᠮᠡᠡᠭᠯᠡᠢ

ᠪᠦᠭᠦᠳᠡ ᠣᠯᠠᠨ ᠤ ᠪᠠᠶᠠᠰᠤᠯ ᠤᠨ ᠡᠯᠴᠢ

ᠦᠳᠡᠰᠢ ᠶᠢᠨ ᠨᠣᠢ᠌ᠷ ᠠᠪᠣᠭ᠎ᠠ ᠥᠭᠡᠢ

ᠣᠷᠠᠨ ᠪᠦᠳᠦᠭᠡᠯ ᠶᠢᠡᠨ ᠣᠷᠤᠯᠳᠤᠯ᠎ᠠ ᠭᠡᠪᠠᠤ︖

ᠥᠷᠯᠦᠭᠡ ᠶᠢᠨ ᠴᠠᠢ ᠪᠠᠨ ᠠᠮᠰᠠᠯ ᠥᠭᠡᠢ

ᠣᠢ᠌ᠯᠠᠰ ᠨᠢᠭᠡᠳᠡᠨ ᠳᠡᠭᠡᠨ ᠳᠠᠪᠭᠢᠭᠤᠯᠤᠯ᠎ᠠ ᠭᠡᠪᠠᠤ︖

ᠵᠢᠦᠡᠭᠦᠯ ᠤᠨ ᠰᠠᠢ᠌ᠬᠠᠨ ᠳᠤᠮᠳᠠ ᠨᠠᠰᠤ

ᠵᠢᠷᠭᠠᠯ ᠭᠦᠯᠢᠶᠡᠭᠦ ᠵᠠᠶᠠᠭᠠᠨ ᠤ ᠴᠠᠭ

ᠬᠠᠪᠰᠤᠷᠭᠠᠭᠰᠠᠨ ᠭᠦᠭ᠍ᠵᠢᠮ ᠲᠡᠶ ᠳᠠᠭᠤᠤ ᠴᠢᠨᠢ

ᠠᠶᠠᠯᠭᠤ ᠨᠢ ᠠᠨᠢᠷᠯᠠᠵᠤ ᠠᠮᠵᠢᠭ᠎ᠠ ᠦᠭᠡᠶ ᠰᠢᠤ

ᠬᠠᠪᠰᠤᠷᠤᠮᠵᠢ ᠣᠯᠤᠭᠰᠠᠨ ᠨᠥᠭᠦᠤᠨ ᠴᠢᠨᠢ

ᠬᠤᠭᠤᠯᠠᠢ ᠨᠢ ᠰᠥᠭᠡᠩᠭᠡᠢ᠌ᠷᠡᠭᠦ ᠪᠣᠯᠤᠭ᠎ᠠ ᠦᠭᠡᠶ ᠰᠢᠤ

ᠵᠠᠩ ᠰᠠᠢ᠌ᠳᠠᠢ ᠵᠠᠯᠠᠭᠤ ᠬᠠᠯᠠᠭᠤᠨ ᠨᠠᠰᠤ

ᠵᠤᠪᠠᠵᠤ ᠭᠤᠳᠤᠬᠤ ᠣᠢ᠌ᠷ᠎ᠠ ᠳᠤᠳᠤᠨᠤ ᠭᠦᠮᠦᠰ

ᠬᠠᠢ᠌ᠷᠠᠳᠤ ᠪᠦᠰᠡᠭᠦᠢ ᠴᠢᠨᠢ ᠡᠡᠭ᠍ᠰᠡᠷᠡᠵᠤ ᠯᠠ ᠪᠠᠢ᠌ᠨ᠎ᠠ

ᠬᠤᠩᠭ᠋ᠤᠷ ᠦᠷ᠎ᠡ ᠴᠢᠨᠢ ᠮᠡᠭ᠍ᠰᠢᠵᠤ ᠯᠠ ᠪᠠᠢ᠌ᠨ᠎ᠠ

ᠰᠠᠳᠤᠨ ᠲᠦᠷᠦᠯ ᠴᠢᠨᠢ ᠡᠮᠭᠡᠨᠢᠵᠤ ᠯᠠ ᠪᠠᠢ᠌ᠨ᠎ᠠ

ᠰᠠᠨᠠᠭᠰᠠᠨ ᠪᠠᠭᠰᠢ ᠴᠢᠨᠢ ᠭᠡᠩᠰᠡᠷᠡᠵᠤ ᠯᠠ ᠪᠠᠢ᠌ᠨ᠎ᠠ

ᠦᠷ᠎ᠡ ᠶᠢᠨ ᠶᠢᠡᠨ ᠰᠠᠢ᠌ᠬᠠᠨ ᠢ ᠯᠠ ᠥᠵᠡᠳᠡᠭ᠌ ᠭᠦᠮᠤᠨ

ᠱᠠᠪᠢ ᠶᠢᠨ ᠶᠢᠡᠨ ᠬᠣᠢ᠌ᠨ᠎ᠠ ᠨᠤᠲ᠋ ᠶᠢᠡᠨ ᠠᠯᠳᠠᠨ᠎ᠠ

ᠵᠤᠬᠢᠶᠠᠭᠴᠢ᠄ ᠭᠦᠭᠡ‍ᠳᠠᠪᠠᠯᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2867
ᠴᠠᠭ᠄ 2009 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ