☆ ᠨᠠ᠊·ᠰᠦᠬᠡᠪᠠᠭᠠᠲᠤᠷ
ᠡᠢ᠌ᠮᠤ ᠯᠠ ᠮᠤᠩᠭ᠋ᠤᠯ ᠠᠷᠠᠠᠰᠢᠨ ᠨᠠᠳᠠ ᠳᠤ ᠪᠣᠢ
ᠢᠨᠢᠶᠠᠳᠤᠨ ᠤ ᠪᠠᠨ ᠳᠠᠯᠳᠠ ᠭᠢᠳᠤᠭ᠎ᠠ ᠨᠢᠭᠤᠵᠤ ᠴᠢᠳᠠᠳᠠᠭ ᠥᠭᠡᠢ
ᠢᠭᠢᠷ᠎ᠠ ᠶᠤᠮ ᠰᠢᠭ ᠨᠢᠳᠤ ᠵᠢᠷᠦᠭᠡ ᠬᠤᠶᠠᠷ ᠲᠤ ᠪᠠᠨ ᠢᠳᠡᠭᠡᠳᠡᠭ᠌
ᠠᠪᠣ ᠶᠢᠨ ᠶᠢᠡᠨ ᠬᠠᠳᠠᠭᠤ ᠰᠤᠷᠭᠠᠯ ᠳᠤ ᠡᠷ᠎ᠡ ᠭᠡᠵᠤ ᠥᠰᠦᠭ᠍ᠰᠡᠨ ᠪᠣᠯᠬᠤᠷ
ᠠᠠᠳᠠᠭᠠᠢ ᠳᠠᠰᠤᠯᠬᠤ ᠵᠤᠷᠢᠭ ᠭᠡᠵᠢᠶ᠎ᠡ ᠴᠤ ᠶᠤᠮ ᠭᠦᠷᠳᠡᠭ᠌ ᠦᠭᠡᠶ᠂
ᠬᠠᠶᠠ ᠣᠨᠠᠬᠤ ᠨᠠᠪᠴᠢᠰ ᠢ ᠬᠠᠷᠠᠬᠤ ᠡᠴᠡ ᠪᠠᠨ ᠭᠦᠷᠳᠡᠯ᠎ᠡ ᠳᠠᠯᠳᠠᠷᠢᠳᠠᠭ
ᠬᠠᠨ ᠠᠭᠤᠯᠠ ᠶᠢᠨ ᠶᠢᠡᠨ ᠣᠷᠤᠢ ᠳᠤ ᠭᠢᠳᠤᠭ᠎ᠠ ᠳᠠᠢ᠌ᠵᠤ ᠵᠢᠷᠦᠭᠡᠯᠡᠳᠡᠭ᠌ ᠥᠭᠡᠢ
ᠬᠠᠨ᠎ᠠ ᠪᠠᠷ ᠪᠣᠯᠳᠠᠯᠵᠠᠬᠤ ᠣᠭᠤᠳᠤᠨ᠎ᠠ ᠶᠢ ᠥᠭᠡᠷ ᠤᠨ ᠳᠠᠯᠠᠯᠤᠭ᠎ᠠ ᠭᠡᠵᠤ ᠥᠵᠡᠳᠡᠭ᠌
ᠬᠠᠰᠠᠭ ᠤᠨ ᠶᠢᠡᠨ ᠬᠦᠩᠭᠡᠨ ᠮᠥᠭᠡᠷ ᠶᠢᠡᠷ ᠳᠡᠯᠡᠭᠡᠢ ᠪᠠᠨ ᠣᠩᠰᠢᠵᠤ ᠨᠡᠭᠦᠳᠡᠭ᠌᠂
ᠡᠢ᠌ᠮᠤ ᠯᠠ ᠮᠤᠩᠭ᠋ᠤᠯ ᠠᠷᠠᠠᠰᠢᠨ ᠨᠠᠳᠠ ᠳᠤ ᠪᠣᠢ
ᠢᠩᠭᠢᠵᠤ ᠯᠠ ᠪᠢ ᠳᠠᠭᠠᠨ᠎ᠠ ᠶᠢᠨ ᠶᠢᠡᠨ ᠵᠤᠯᠠᠢ ᠡᠴᠡ ᠠᠳᠢᠰᠯᠠᠳᠠᠭ
ᠢᠩᠭᠢᠵᠤ ᠯᠠ ᠪᠢ ᠳᠠᠯ᠎ᠠ ᠶᠢᠨ ᠶᠢᠡᠨ ᠰᠠᠯᠭᠢᠨ ᠳᠤ ᠳᠠᠨᠢᠭᠳᠠᠳᠠᠭ᠃
ᠭᠤᠤᠯ ᠤᠨ ᠣᠰᠤᠨ ᠤ ᠳᠡᠭᠡᠳᠤ ᠳᠤ ᠦᠨᠡᠰᠤᠨ ᠤ ᠮᠦᠷ ᠥᠵᠡᠭᠦᠯᠳᠡᠭ᠌ ᠥᠭᠡᠢ
ᠭᠠᠯ ᠤᠨ ᠪᠣᠷᠬᠠᠨ ᠶᠢᠡᠨ ᠵᠠᠯᠠᠬᠤ ᠪᠠᠷ ᠣᠳᠤᠨ ᠤ ᠭᠡᠭᠡ ᠶᠢ ᠭᠦᠯᠢᠶᠡᠳᠡᠭ᠌
ᠢᠵᠢ᠌ ᠶᠢᠨ ᠶᠢᠡᠨ ᠯᠠ ᠴᠠᠭᠠᠨ ᠰᠦ᠋ ᠶᠢ ᠰᠢᠮᠠᠵᠤ ᠥᠰᠦᠭ᠍ᠰᠡᠨ ᠪᠣᠯᠬᠤᠷ
ᠢᠯᠡᠭᠦᠤ ᠬᠠᠷ᠎ᠠ ᠰᠡᠳᠭᠢᠯ ᠶᠠᠭᠠᠭᠢᠭᠠᠤᠨ ᠴᠤ ᠶᠤᠮ ᠳᠦᠷᠦᠳᠡᠭ᠌ ᠦᠭᠡᠶ᠂
ᠪᠠᠭᠤᠴᠠ ᠠᠨᠢᠷᠳᠤᠬᠤ ᠮᠤᠭᠠᠢ ᠶᠢ ᠰᠦ᠋ ᠪᠠᠷ ᠠᠷᠢᠭᠤᠯᠠᠵᠤ ᠥᠳᠡᠳᠡᠭ᠌
ᠪᠣᠯᠠᠭᠠᠨ ᠤ ᠴᠠᠭᠠᠨᠠᠭᠢ ᠰᠤᠯᠤᠩᠭ᠋ᠠᠨ ᠳᠤ ᠬᠤᠷᠤᠭᠤᠨ ᠤ ᠬᠡ ᠬᠠᠷᠠᠭᠤᠯᠳᠠᠭ ᠥᠭᠡᠢ
ᠪᠣᠳᠤᠭᠤ ᠪᠠᠨ ᠮᠠᠷᠳᠠᠭᠰᠠᠨ ᠢᠩᠭᠡ ᠶᠢ ᠬᠤᠭᠤᠷ ᠤᠨ ᠡᠭᠡᠰᠢᠭᠡᠨ ᠳᠤ ᠣᠶᠠᠷᠠᠭᠤᠯᠳᠠᠭ
ᠪᠠᠭᠤᠭᠰᠠᠨ ᠠᠢ᠌ᠯ ᠤᠨ ᠶᠢᠡᠨ ᠪᠣᠱᠤᠭ᠎ᠠ ᠲᠡᠶ ᠳᠠᠰᠢᠭᠤᠷ ᠪᠠᠷᠢᠵᠤ ᠵᠤᠯᠭᠠᠳᠠᠭ ᠦᠭᠡᠶ᠂
ᠢᠩᠭᠢᠵᠤ ᠯᠠ ᠪᠢ ᠮᠤᠷᠢᠨ ᠤ ᠨᠢᠷᠤᠭᠤᠨ ᠳᠤ ᠳᠤᠭᠳᠠᠳᠠᠭ
ᠢᠩᠭᠢᠵᠤ ᠯᠠ ᠪᠢ ᠮᠤᠩᠭ᠋ᠤᠯ ᠤᠨ ᠶᠢᠡᠨ ᠳᠡᠭ᠍ᠷᠢ ᠳᠤ ᠪᠠᠭᠳᠠᠳᠠᠭ
ᠡᠢ᠌ᠮᠤ ᠯᠠ ᠮᠤᠩᠭ᠋ᠤᠯ ᠠᠷᠠᠠᠰᠢᠨ ᠨᠠᠳᠠ ᠳᠤ ᠪᠠᠢ᠌ᠭᠰᠠᠭᠠᠷ ᠁
᠊᠊᠊᠊᠊᠊᠊᠊᠊᠊᠊᠊᠊᠊᠊ 2010.11.27
ᠮᠥᠭ᠍ᠳᠡᠨ ᠬᠤᠳᠠ
ᠵᠤᠬᠢᠶᠠᠭᠴᠢ ᠶᠢᠨ ᠬᠠᠶᠢᠭ ᠄ ᠯᠢᠶᠤᠤᠨᠢᠩ ᠶᠡᠭᠡ ᠰᠤᠷᠭᠠᠭᠤᠯᠢ
ᠵᠤᠬᠢᠶᠠᠭᠴᠢ᠄ ᠨᠠ᠊·ᠰᠦᠬᠡᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 11 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ