☆ ᠠᠮᠤᠷ
ᠢᠠᠵᠠᠠᠨᠠᠰᠢ ᠨᠠᠮᠢ᠋ᠢ ᠬᠠᠷᠠᠵᠤ ᠪᠠᠢ᠌ᠨ᠎ᠠ
----ᠣᠪᠣᠬᠠᠢ ᠪᠣᠯᠤᠩ ᠢ ᠮᠢᠨᠢ ᠢᠪᠠᠭᠡᠵᠤ ᠪᠠᠢ᠌ᠬᠤ
ᠣᠩᠭ᠋ᠤᠳ ᠰᠦᠨᠠᠰᠤᠨ ᠳ᠋ᠤᠨᠢ ᠴᠢᠨᠢ ᠳᠠᠭᠢᠯ ᠡᠷᠭᠦᠶ᠎ᠡ᠃
ᠮᠤᠰᠢᠭᠠᠢ ᠴᠤ ᠭᠡᠰᠡᠨ ᠪᠣᠰᠤᠭ᠎ᠠ ᠪᠠᠷ ᠶᠢᠡᠨ ᠪᠢᠴᠢ
ᠮᠠᠭᠤᠬᠠᠢ ᠴᠤ ᠭᠡᠰᠡᠨ ᠮᠤᠩᠭ᠋ᠤᠯ ᠶᠢᠡᠷ ᠶᠢᠡᠨ ᠭᠡᠯᠡ ᠭᠡᠵᠤ
ᠮᠠᠢ᠌ᠵᠢᠩᠬᠠᠢ ᠪᠣᠯᠤᠩ ᠤᠨ ᠮᠢᠨᠢ ᠰᠠᠷᠠᠨ ᠳᠤᠭᠤᠨᠤ ᠪᠠᠷ
ᠮᠦᠰᠢᠶᠠᠵᠤ ᠨᠠᠮᠢ᠋ᠢ ᠬᠠᠷᠠᠵᠤ ᠪᠠᠢ᠌ᠨ᠎ᠠ᠂
ᠨᠤᠳᠤᠭ ᠶᠢᠡᠨ ᠪᠣᠤ ᠭᠤᠯᠤ
ᠨᠤᠷᠮ᠎ᠠ ᠪᠠᠨ ᠪᠣᠤ ᠣᠠᠳᠠᠷᠠᠭᠠ ᠭᠡᠵᠤ
ᠨᠡᠪᠳᠦᠭᠡᠷ ᠪᠣᠯᠤᠩ ᠤᠨ ᠮᠢᠨᠢ ᠨᠠᠷᠠᠨ ᠳᠤᠭᠤᠨᠤ ᠪᠠᠷ
ᠨᠠᠢ᠌ᠳᠠᠵᠤ ᠨᠠᠮᠢ᠋ᠢ ᠬᠠᠷᠠᠵᠤ ᠪᠠᠢ᠌ᠨ᠎ᠠ᠃
ᠥᠰᠦᠭ᠌ ᠶᠢᠡᠨ ᠵᠦᠪ ᠵᠠᠷᠤ
ᠥᠭᠡ ᠪᠠᠨ ᠴᠠᠪᠠᠷ ᠶᠠᠷᠢ ᠭᠡᠵᠤ
ᠣᠪᠣᠬᠠᠢ ᠪᠣᠯᠤᠩ ᠤᠨ ᠮᠢᠨᠢ ᠣᠳᠤᠳᠤ ᠳᠤᠭᠤᠨᠤ ᠪᠠᠷ
ᠣᠠᠳᠤᠭᠤᠴᠠᠵᠤ ᠨᠠᠮᠢ᠋ᠢ ᠬᠠᠷᠠᠵᠤ ᠪᠠᠢ᠌ᠨ᠎ᠠ᠂
ᠰᠢᠨᠠᠬᠠ ᠪᠣᠭᠤᠮᠳᠠ ᠡᠴᠡ ᠨᠠᠰᠢ ᠴᠢᠨᠢ
ᠰᠢᠠᠳᠠᠰᠤ ᠲᠡᠶ ᠨᠠᠭᠠᠴᠤ ᠶᠢᠨ ᠬᠠᠷᠢᠶᠠᠳᠤ ᠤᠳ ᠰᠢᠤ ᠭᠡᠵᠤ
ᠰᠢᠳᠤᠷᠭᠤ ᠪᠠᠳᠤ ᠬᠤᠷᠢᠶᠠᠨ ᠤ ᠪᠠᠨ ᠡᠭᠦᠳᠡᠨ ᠡᠴᠡ
ᠰᠤᠷᠭᠠᠵᠤ ᠨᠠᠮᠢ᠋ᠢ ᠬᠠᠷᠠᠵᠤ ᠪᠠᠢ᠌ᠨ᠎ᠠ᠂
ᠵᠤᠰᠤᠳᠤ ᠲᠦᠮᠡᠤᠨ ᠭᠡᠳᠡᠭ᠌ ᠴᠢᠨᠢ
ᠵᠤᠷᠢᠭᠳᠠᠨ ᠡᠷᠡᠰ ᠤᠨ ᠥᠯᠦᠭᠡᠢ ᠰᠢᠤ ᠭᠡᠵᠤ
ᠵᠦᠷᠴᠢᠨ ᠴᠠᠭᠠᠴᠢᠨ ᠤ ᠳᠠᠪᠬᠤᠷ ᠪᠦᠰᠡᠯᠡᠯᠳᠡ ᠡᠴᠡ
ᠵᠠᠩᠳᠤᠷᠴᠤ ᠨᠠᠮᠢ᠋ᠢ ᠬᠠᠷᠠᠵᠤ ᠪᠠᠢ᠌ᠨ᠎ᠠ᠂
ᠬᠠᠷᠠᠴᠢᠨ ᠮᠤᠩᠭ᠋ᠤᠯᠵᠢᠨ ᠭᠡᠳᠡᠭ᠌ ᠴᠢᠨᠢ
ᠬᠠᠮᠤᠭ ᠮᠤᠩᠭ᠋ᠤᠯ ᠤᠨ ᠳᠠᠰᠤᠷᠬᠠᠢ ᠰᠢᠤ ᠭᠡᠵᠤ
ᠭᠢᠳᠠᠤᠨ ᠮᠠᠠᠵᠤ ᠶᠢᠨ ᠳᠠᠪᠬᠤᠷ ᠪᠦᠰᠡᠯᠡᠯᠳᠡ ᠡᠴᠡ
ᠬᠠᠰᠭᠢᠷᠴᠤ ᠨᠠᠮᠢ᠋ᠢ ᠬᠠᠷᠠᠵᠤ ᠪᠠᠢ᠌ᠨ᠎ᠠ᠂
ᠭᠦᠯᠳᠡᠭ᠍ᠰᠡᠨ ᠮᠦᠰᠤ ᠬᠠᠢ᠌ᠯᠳᠠᠭ
ᠭᠢᠮᠠᠯ ᠨᠠᠭᠤᠷ ᠰᠢᠷᠭᠢᠳᠡᠭ᠌ ᠰᠢᠤ ᠭᠡᠵᠤ
ᠭᠦᠪ ᠦᠭᠡᠶ ᠯᠤᠤᠰ ᠤᠨ ᠴᠠᠭᠠᠨ᠎ᠠ ᠡᠴᠡ
ᠭᠢᠯᠢᠩᠨᠠᠵᠤ ᠨᠠᠮᠢ᠋ᠢ ᠬᠠᠷᠠᠵᠤ ᠪᠠᠢ᠌ᠨ᠎ᠠ᠂
ᠪᠣᠯᠠᠰᠢ ᠶᠢ ᠵᠢᠪᠪᠦᠭᠦᠯᠳᠡᠭ᠌ ᠣᠰᠤ ᠪᠣᠢ
ᠪᠣᠷᠵᠢᠭᠢᠨ ᠢ ᠭᠦᠪᠪᠦᠭᠦᠯᠳᠡᠭ᠌ ᠴᠢᠰᠤ ᠪᠣᠢ ᠭᠡᠵᠤ
ᠪᠣᠯᠠᠩᠭᠢᠷ ᠦᠭᠡᠶ ᠯᠤᠤᠰ ᠤᠨ ᠴᠠᠭᠠᠨ᠎ᠠ ᠡᠴᠡ
ᠪᠠᠷᠭᠢᠷᠠᠵᠤ ᠨᠠᠮᠢ᠋ᠢ ᠬᠠᠷᠠᠵᠤ ᠪᠠᠢ᠌ᠨ᠎ᠠ᠂
ᠢᠯᠳᠤᠨ ᠤ ᠥᠵᠦᠭᠦᠷ ᠢ ᠮᠠᠳᠠᠷᠠᠭᠤᠯᠳᠠᠭ
ᠢᠷᠮᠡᠭᠦ ᠨᠢᠳᠤ ᠪᠠᠢ᠌ᠳᠠᠭ ᠰᠢᠤ ᠭᠡᠵᠤ
ᠢᠷᠤᠭᠠᠷ ᠦᠭᠡᠶ ᠯᠤᠤᠰ ᠤᠨ ᠴᠠᠭᠠᠨ᠎ᠠ ᠡᠴᠡ
ᠢᠠᠵᠠᠠᠨᠠᠰᠢ ᠨᠠᠮᠢ᠋ᠢ ᠬᠠᠷᠠᠵᠤ ᠪᠠᠢ᠌ᠨ᠎ᠠ᠃
2008/12/14 ᠪᠣᠭᠤᠳᠤ
ᠵᠤᠬᠢᠶᠠᠭᠴᠢ᠄ ᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2795
ᠴᠠᠭ᠄ 2008 ᠤᠨ ᠤ 12 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ