☆ ᠨᠠᠮᠵᠢᠯ ᠤᠨ ᠮᠥᠩᠭᠡᠪᠠᠶᠡᠷ
ᠴᠢᠰᠤ ᠨᠢᠭᠡᠳᠡᠢ ᠮᠤᠩᠭ᠋ᠤᠯ
ᠦᠨᠳᠦᠷ ᠭᠢᠩᠭ᠋ᠠᠨ ᠠᠯᠳᠠᠢ ᠶᠢᠨ ᠭᠤᠪᠢ ᠶᠢᠨ ᠳᠤᠮᠳᠠ
ᠣᠨᠢᠶᠠᠷᠳᠤᠨ ᠴᠡᠩᠭᠡᠷᠯᠡᠭ᠍ᠰᠡᠨ ᠭᠦᠭᠡ ᠮᠤᠩᠭ᠋ᠤᠯ ᠤᠨ ᠥᠡᠳᠦᠷᠯᠢᠭ᠌ ᠲᠤ
ᠡᠵᠡᠨ ᠨᠢ ᠪᠣᠯᠵᠤ ᠠᠭᠳᠠ ᠶᠢᠨ ᠨᠢᠷᠤᠭᠤᠨ ᠳᠤ ᠰᠡᠭᠦᠢᠭ᠍ᠰᠡᠨ
ᠥᠷᠯᠦᠭ᠌ ᠮᠤᠩᠭ᠋ᠤᠯ ᠤᠨ ᠬᠣᠢ᠌ᠴᠢᠰ
ᠡᠷᠦᠭᠡ ᠪᠠᠨ ᠰᠡᠭᠦᠵᠤ ᠳᠤᠯᠭ᠎ᠠ ᠪᠠᠨ ᠭᠦᠭ᠍ᠵᠢᠭᠡᠭ᠍ᠰᠡᠭᠡᠷ᠁
ᠠᠽᠢᠶ᠎ᠠ ᠶᠢᠨ ᠨᠤᠭᠤᠭᠠᠨ ᠳᠠᠯ᠎ᠠ ᠶᠢᠨ
ᠠᠷᠤ ᠦᠪᠣᠷ ᠢ ᠨᠢ ᠰᠠᠭᠢᠭᠰᠠᠨ
ᠠᠯᠳᠠᠢ ᠶᠢᠨ ᠣᠳᠤᠮ ᠤᠨ ᠭᠡᠯᠡ ᠪᠠᠷ ᠶᠢᠡᠨ
ᠣᠬᠠᠭᠠᠷᠠᠵᠤ ᠨᠢᠭᠡᠨ ᠶᠢᠡᠨ ᠳᠠᠨᠢᠭᠰᠠᠨ
ᠭᠢᠯᠢ ᠶᠢᠨ ᠳᠤᠷᠭᠠᠨ ᠳᠡᠭᠡᠰᠤᠨ ᠳᠡᠭᠡᠭᠦᠷ
ᠭᠡᠭᠡᠯᠵᠡᠵᠤ ᠨᠢᠭᠡᠨ ᠶᠢᠡᠨ ᠭᠦᠯᠢᠶᠡᠭ᠍ᠰᠡᠨ
ᠡᠵᠡᠨ ᠴᠢᠩᠭᠢᠰ ᠤᠨ ᠦᠶ᠎ᠡ ᠡᠴᠡ
ᠡᠷᠦᠭᠡ ᠨᠢᠭᠡᠳᠡᠢ ᠣᠭᠰᠠᠭ᠎ᠠ
ᠡᠷᠡᠨ ᠵᠠᠭᠤᠨ ᠤ ᠭᠦᠭ᠍ᠵᠢᠯ ᠤᠨ ᠵᠢᠮ ᠶᠢᠡᠷ
ᠦᠪᠡᠷ ᠶᠢᠡᠨ ᠪᠠᠳᠠᠷᠠᠭᠰᠠᠨ ᠣᠴᠢ
ᠲ᠋ᠠᠪᠤᠨ ᠬᠤᠰᠢᠭᠤ ᠮᠠᠯ ᠤᠨ ᠶᠢᠡᠨ
ᠲ᠋ᠠᠷᠭᠤᠨ ᠪᠠᠶᠠᠨ ᠰᠥᠷᠦᠭ᠌ ᠶᠢᠡᠷ
ᠲ᠋ᠠᠷᠠᠭ ᠠᠢ᠌ᠷᠠᠭ ᠠᠮᠳᠠᠳᠠᠨ ᠤ ᠪᠠᠨ
ᠲ᠋ᠠᠩᠰᠤᠭ ᠪᠣᠶᠠᠨ ᠰᠢᠮ᠎ᠠ ᠪᠠᠷ
ᠲ᠋ᠠᠯ᠎ᠠ ᠶᠢᠨ ᠥᠵᠦᠭᠦᠷ ᠲᠤ ᠬᠠᠩᠭᠢᠨᠠᠬᠤ
ᠣᠷᠳᠤ ᠶᠢᠨ ᠳᠠᠭᠤᠨ ᠤ ᠰᠤᠨᠤᠰᠬᠠᠯ ᠲᠡᠶ
ᠲ᠋ᠡᠯᠡᠭᠡᠢ ᠶᠢᠨ ᠰᠤᠨᠤᠷ ᠢ ᠪᠠᠶᠠᠰᠬᠠᠭᠰᠠᠨ
ᠮᠤᠷᠢᠨ ᠬᠤᠭᠤᠷ ᠤᠨ ᠴᠢᠪᠬᠠᠳᠠᠯ ᠲᠡᠶ
ᠦᠯᠦᠩ ᠴᠢᠨ᠋ᠸ᠎ᠠ ᠰᠢᠭ ᠠᠮᠸᠷᠢᠺᠠ ᠶᠢ ᠳᠠᠭᠤᠷᠢᠶᠠᠵᠤ
ᠥᠷᠦᠭᠡᠯ ᠤᠨ ᠬᠤᠳᠠ ᠳᠤ ᠰᠤᠮᠤ ᠬᠠᠶᠠᠳᠠᠭ ᠦᠭᠡᠶ
ᠠᠳᠠᠭ ᠤᠨ ᠠᠷᠠᠪ ᠰᠢᠭ ᠳᠤᠳᠤᠷ᠎ᠠ ᠪᠠᠨ ᠮᠠᠭᠤᠳᠠᠯᠴᠠᠵᠤ
ᠠᠯᠠᠯᠳᠤᠭᠠᠨ ᠪᠣᠯᠵᠤ ᠨᠠᠩ ᠴᠤ ᠥᠵᠡᠭᠡ ᠦᠭᠡᠶ
ᠲ᠋ᠠᠯ᠎ᠠ ᠪᠠᠨ ᠰᠢᠭ ᠳᠡᠨᠢᠭᠦᠭᠡᠨ ᠰᠠᠤᠠᠭᠢᠯ ᠲᠡᠶ
ᠠᠭᠤᠯᠠ ᠪᠠᠨ ᠰᠢᠭ ᠰᠥᠷᠯᠢᠭ᠌ ᠪᠠᠷ᠎ᠠ ᠲᠡᠶ
ᠲ᠋ᠡᠭᠡᠳᠤ ᠨᠢᠭᠡᠳᠡᠢ ᠣᠭᠰᠠᠭ᠎ᠠ
ᠣᠭᠰᠠᠭ᠎ᠠ ᠨᠢᠭᠡᠳᠡᠢ ᠠᠢ᠌ᠮᠠᠭ
ᠠᠢ᠌ᠮᠠᠭ ᠨᠢᠭᠡᠳᠡᠢ ᠲᠦᠷᠦᠯ
ᠲᠦᠷᠦᠯ ᠨᠢᠭᠡᠳᠡᠢ ᠮᠤᠩᠭ᠋ᠤᠯ
ᠶᠢᠷᠳᠢᠠᠴᠤ ᠶᠢᠨ ᠭᠠᠯ ᠣᠰᠤᠨ ᠳᠤ
ᠶᠡᠭᠦᠷᠡᠵᠤ ᠬᠠᠢ᠌ᠯᠤᠭᠰᠠᠨ ᠴᠤ ᠪᠠᠯᠠᠷᠠᠰᠢ ᠦᠭᠡᠶ
ᠴᠢᠰᠤ ᠨᠢᠭᠡᠳᠡᠢ ᠮᠤᠩᠭ᠋ᠤᠯ︕
ᠲ᠋ᠡᠦᠭᠡ ᠶᠢᠨ ᠣᠯᠪᠠᠷᠢᠯ ᠭᠦᠯᠪᠠᠷᠢᠯ ᠳᠤ
ᠭᠦᠮᠤᠨ ᠴᠢᠯᠠᠭᠤ ᠰᠢᠭ ᠮᠥᠩᠭᠡᠷᠡᠭᠦ
ᠴᠢᠰᠤ ᠨᠢᠭᠡᠳᠡᠢ ᠮᠤᠩᠭ᠋ᠤᠯ︕
ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ
ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠰᠠᠮᠪᠠᠷ᠎ᠠ ᠡᠴᠡ ᠰᠢᠯᠢᠪᠠ
ᠬᠠᠷᠢᠶ᠎ᠠ᠄
ᠰᠢᠯᠦᠭᠳᠠᠷᠤᠮ᠄ 7614
ᠴᠠᠭ᠄ 2007 ᠤᠨ ᠤ 06 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ