ᠨᠡᠪᠲᠡᠷᠡᠨ ᠤᠷᠤᠬᠤ
ᠴᠡᠭᠠᠨᠬᠦ᠋ᠯ

ᠴᠡᠭᠠᠨᠬᠦ᠋ᠯ * ᠊᠊᠊᠊᠊᠊᠊᠊᠊᠊᠊᠊᠊᠊᠊

ᠴᠠᠭ ᠤᠨ ᠰᠤᠷᠭᠤᠭ ᠨᠢᠳᠤᠨ᠂

ᠴᠠᠭᠠᠨ ᠬᠠᠭᠠᠯᠠᠭ᠎ᠠ ᠶᠢᠨ ᠡᠵᠡᠨ᠃

ᠣᠩᠰᠢᠵᠤ ᠪᠠᠷᠠᠭᠳᠠᠳᠠᠭ ᠦᠭᠡᠶ ᠊᠊᠊᠊᠊᠊᠊᠊᠊᠊᠊᠊᠊᠊᠊

ᠡᠷᠳᠡ ᠤ ᠣᠩᠭ᠋ᠤᠨ ᠰᠤᠳᠤᠷ᠂

ᠣᠳᠤ ᠶᠢᠨ ᠨᠤᠭᠤᠭᠠᠨ ᠰᠢᠯᠦᠭ᠌᠃

ᠬᠤᠯᠠ ᠶᠢ ᠬᠠᠷᠠᠭᠰᠠᠨ ᠊᠊᠊᠊᠊᠊᠊᠊᠊᠊᠊᠊᠊᠊᠊

ᠭᠦᠶ‍ᠦᠭ᠌ ᠬᠠᠭᠠᠨ ᠤ ᠪᠠᠭᠤᠷᠢ᠂

ᠴᠡᠪᠠᠭ᠍ᠳᠦᠷᠵᠢ ᠸᠠᠩ ᠤᠨ ᠦᠮᠴᠢ᠃

ᠴᠤᠭ ᠲᠠᠭᠠᠨ ᠳᠤᠭᠤᠭᠰᠠᠨ ᠊᠊᠊᠊᠊᠊᠊᠊᠊᠊᠊᠊᠊᠊᠊

ᠬᠠᠮᠤᠭ ᠮᠠᠯ ᠤᠨ ᠪᠠᠯᠴᠢᠭᠡᠷ᠂

ᠬᠠᠭᠤᠴᠢᠨ ᠳᠤᠷᠭᠤᠳ ᠤᠨ ᠭᠦᠷᠢᠶ᠎ᠡ᠃

ᠴᠤᠤᠳᠠᠢ ᠡᠵᠡᠳ ᠤᠨ ᠭᠢᠨᠢ ᠊᠊᠊᠊᠊᠊᠊᠊᠊᠊᠊᠊᠊᠊᠊

ᠭᠦᠨ ᠪᠣᠳᠤᠯ ᠤᠨ ᠬᠤᠷᠸ᠎ᠠ᠂

ᠭᠦᠡᠳᠤ ᠰᠡᠳᠭᠢᠯᠭᠡ ᠶᠢᠨ ᠴᠤᠤᠷᠢᠶ᠎ᠠ᠃

ᠭᠡᠨ ᠴᠤ ᠮᠡᠳᠡᠳᠡᠭ᠌ ᠊᠊᠊᠊᠊᠊᠊᠊᠊᠊᠊᠊᠊᠊᠊

ᠪᠦᠳᠦᠭᠡᠯ ᠭᠠᠷᠭᠠᠭᠰᠠᠨ ᠣᠢ᠌ᠯᠠᠰᠳᠠᠨ᠂

ᠪᠣᠶᠠᠨ ᠭᠡᠰᠢᠭ᠌ ᠤᠨ ᠭᠠᠪᠢᠶᠠᠳᠠᠨ᠃

ᠨᠢᠭᠤᠴᠠ ᠳᠠᠢ᠌ᠯᠠᠳᠠᠭ ᠊᠊᠊᠊᠊᠊᠊᠊᠊᠊᠊᠊᠊᠊᠊

ᠳᠤᠷᠰᠢᠯᠭ᠎ᠠ ᠶᠢᠨ ᠵᠤᠵᠠᠭᠠᠨ ᠳᠤᠯᠢ᠂

ᠳᠤᠭᠤᠷᠪᠢᠭᠳᠠᠵᠤ ᠪᠠᠢ᠌ᠭ᠎ᠠ ᠳᠤᠩᠬᠠᠭ᠃

ᠨᠠᠷ᠎ᠠ ᠭᠠᠷᠤᠭᠰᠠᠨ ᠊᠊᠊᠊᠊᠊᠊᠊᠊᠊᠊᠊᠊᠊᠊

ᠳᠤᠭ᠎ᠠ ᠴᠡᠪᠠᠷᠭᠡᠨ ᠳᠠᠩᠰᠠᠴᠢ᠂

ᠳᠤᠰᠤᠨ ᠭᠠᠷ ᠲᠡᠶ ᠬᠠᠢ᠌ᠰᠤᠴᠢ᠃

ᠪᠢᠰᠢᠷᠠᠯ ᠪᠣᠯᠢᠶᠠᠭᠰᠠᠨ ᠊᠊᠊᠊᠊᠊᠊᠊᠊᠊᠊᠊᠊᠊᠊

ᠰᠠᠢ᠌ᠨ ᠬᠡᠦᠬᠡᠳ ᠤᠨ ᠥᠯᠦᠭᠡᠢ᠂

ᠰᠠᠳᠤᠨ ᠲᠦᠷᠦᠯ ᠤᠨ ᠴᠢᠭᠤᠯᠭᠠᠨ᠃

ᠥᠨᠡᠭᠡᠷ ᠴᠤ ᠊᠊᠊᠊᠊᠊᠊᠊᠊᠊᠊᠊᠊᠊᠊

ᠵᠢᠩᠭ᠋ᠠᠷ ᠰᠠᠢ᠌ᠬᠠᠨ ᠳᠤᠤᠯᠢᠰ᠂

ᠣᠷᠳᠤ ᠶᠢᠨ ᠳᠠᠭᠤᠨ ᠤ ᠣᠶᠠᠩᠭ᠋ᠠᠷᠠᠯ᠃

ᠳᠠᠢ᠌ᠮᠤ ᠊᠊᠊᠊᠊᠊᠊᠊᠊᠊᠊᠊᠊᠊᠊

ᠳ᠋ᠠᠩᠭ᠋ᠠᠷᠠᠢ ᠭᠦᠢᠴᠡᠭ᠍ᠰᠡᠨ ᠨᠠᠢ᠌ᠷ᠂

ᠳᠠᠯᠠᠢ ᠵᠢᠷᠭᠠᠯ ᠤᠨ ᠣᠷᠤᠨ᠃

ᠪᠠᠬᠠᠷᠠᠯ ᠤᠨ ᠣᠶᠠᠭ᠎ᠠ ᠊᠊᠊᠊᠊᠊᠊᠊᠊᠊᠊᠊᠊᠊᠊

ᠡᠷᠢᠯ ᠤᠨ ᠴᠡᠩᠭᠡᠷ ᠳᠤᠷ᠎ᠠ᠂

ᠥᠭᠡᠵᠢᠷᠡᠯ ᠤᠨ ᠴᠠᠭᠠᠨ ᠳᠠᠭᠳᠠᠭ᠎ᠠ᠃

ᠭᠡᠵᠢᠶᠡᠳᠡ ᠊᠊᠊᠊᠊᠊᠊᠊᠊᠊᠊᠊᠊᠊᠊

ᠰᠢᠨ᠎ᠠ ᠶᠢ ᠳᠦᠷᠦᠭᠦ ᠡᠭᠡ᠂

ᠱᠤᠩᠬᠤᠷ ᠨᠠᠴᠢᠨ ᠤ ᠡᠭᠦᠷ᠃

ᠴᠡᠭᠠᠨᠬᠦ᠋ᠯ ᠡ ᠊᠊᠊᠊᠊᠊᠊᠊᠊᠊᠊᠊᠊᠊᠊

ᠬᠤᠶᠠᠷ ᠦᠭᠡᠶ ᠵᠠᠯᠠᠭᠤ ᠶᠢᠨ ᠬᠠᠢ᠌ᠷ᠎ᠠ

ᠬᠤᠪᠣᠭ ᠤᠨ ᠰᠠᠢ᠌ᠬᠠᠨ ᠭᠡᠦᠭᠡᠨ ︕


1992.10.3

* ᠊᠊᠊᠊᠊᠊᠊᠊᠊᠊᠊᠊᠊᠊᠊ ᠡᠨᠡ ᠪᠣᠯ ᠬᠤᠪᠣᠭᠰᠠᠢ᠌ᠷᠢ ᠶᠢᠨ ᠨᠢᠭᠡᠨ ᠭᠠᠵᠠᠷ ᠤᠨ ᠨᠠᠷ᠎ᠠ᠃ ᠡ᠊ᠨᠳᠡ ᠣᠳᠤ ᠴᠡᠭᠠᠬᠦ᠋ᠯ ᠭᠡᠳᠡᠭ᠌ ᠨᠢᠭᠡᠨ ᠰᠤᠮᠤᠨ ᠪᠠᠢ᠌ᠷᠢᠯᠠᠵᠤ ᠪᠠᠢ᠌ᠳᠠᠭ᠃

ᠵᠤᠬᠢᠶᠠᠭᠴᠢ᠄ ᠳ᠋·ᠨᠠᠮᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2009 ᠤᠨ ᠤ 02 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ