ᠨᠡᠪᠲᠡᠷᠡᠨ ᠤᠷᠤᠬᠤ
ᠰᠠᠢ᠌ᠨ ᠣᠢ᠌ᠯᠠ ᠶᠢ ᠵᠥᠭᠯᠡᠵᠤ ᠰᠠᠢ᠌ᠨ ᠠᠮᠠᠯᠠᠭᠠᠴᠢ ᠡ᠂ ᠠᠷᠠᠤᠨ ᠲᠦᠮᠡᠨ ᠮᠢᠨᠢ︕

ᠦᠰᠴᠦ ᠪᠠᠢ᠌ᠭ᠎ᠠ ᠬᠡᠦᠬᠡᠳ ᠶᠢᠡᠨ

ᠥᠭᠡᠳᠡ ᠦᠭᠡᠶ ᠨᠢ ᠭᠡᠵᠤ ᠪᠣᠤ ᠵᠠᠩᠨᠠ

ᠦᠷ᠎ᠡ ᠶᠢᠨ ᠪᠣᠶᠠᠨ ᠴᠢᠨᠢ ᠦᠯᠵᠠᠢ ᠪᠣᠰᠤ ᠪᠣᠯᠵᠤ

ᠦᠨᠡᠨ ᠤ ᠬᠤᠷᠸ᠎ᠠ ᠳᠤ ᠳᠠᠪᠢᠯᠠᠩ ᠵᠠᠶᠠᠭ᠎ᠠ ᠴᠢᠨᠢ ᠬᠠᠵᠠᠢ᠌ᠬᠤ ᠶᠤᠮ ᠰᠢᠤ

ᠦᠩ ᠲᠡᠶ ᠥᠭᠡᠳᠡ ᠲᠡᠶ ᠪᠠᠢ᠌ᠨ᠎ᠠ ᠭᠡᠵᠤ ᠡᠳᠦᠷ ᠪᠦᠷᠢ ᠠᠮᠠᠯᠠ

ᠦᠷᠯᠦᠭᠡ ᠦᠷᠯᠦᠭᠡ ᠶᠢᠨ ᠨᠠᠷᠠ ᠰᠢᠭ ᠮᠠᠠᠳᠤᠵᠤ ᠪᠠᠢ᠌ᠨ᠎ᠠ ᠭᠡᠵᠤ ᠠᠮᠠᠯᠠ


ᠮᠥᠭᠦᠨ᠎ᠡ ᠭᠡᠵᠤ ᠪᠠᠢ᠌ᠨ᠎ᠠ ᠭᠡᠵᠤ ᠪᠣᠤ ᠠᠮᠠᠯᠠ

ᠮᠥᠭᠦᠭᠦ ᠮᠠᠠᠳᠤᠬᠤ ᠪᠣᠯ ᠢᠵᠢᠯ ᠠᠯᠬᠤᠮ ᠶᠤᠮ ᠰᠢᠤ

ᠮᠥᠩᠭᠡ ᠶᠢᠨ ᠳᠠᠮᠪᠠᠷᠢᠯ ᠶᠢᠡᠷ ᠥᠭᠡ ᠪᠠᠨ ᠡᠭᠢᠯᠡᠳᠡᠭ᠌ ᠠᠷᠠᠤᠨ ᠲᠦᠮᠡᠨ ᠪᠠᠢ᠌ᠭᠠᠤᠨ

ᠮᠦᠷ ᠪᠣᠷᠤᠭᠤᠯᠠᠵᠤ ᠮᠠᠭᠤᠬᠠᠢ ᠠᠮᠠᠯᠠᠵᠤ ᠪᠣᠤ ᠰᠤᠯᠢᠶᠠᠷᠠ


ᠳᠤᠯᠭᠠᠨ ᠡᠴᠠ ᠴᠢᠨᠢ ᠭᠠᠯ ᠠᠰᠠᠵᠤ ᠳᠡᠭᠡᠭ᠍ᠰᠢ ᠳᠦᠷᠠᠯᠵᠠᠵᠤ ᠪᠠᠢ᠌ᠨ᠎ᠠ

ᠳᠤᠭᠤᠨᠤᠨ ᠡᠴᠠ ᠴᠢᠨᠢ ᠣᠳᠤᠭ᠎ᠠ ᠰᠤᠭᠤᠨᠠᠭᠯᠠᠵᠤ ᠳᠡᠭ᠍ᠷᠢ ᠳᠤ ᠮᠠᠠᠳᠤᠵᠤ ᠪᠠᠢ᠌ᠨ᠎ᠠ

ᠳᠤᠭᠤᠯᠵᠤ ᠪᠠᠢ᠌ᠭ᠎ᠠ ᠠᠮᠢᠳᠤᠷᠠᠯ ᠮᠢᠨᠢ ᠥᠭᠡᠳᠡ ᠪᠠᠨ ᠥᠭᠡᠳᠡ ᠪᠠᠨ ᠭᠡᠵᠤ

ᠳᠤᠭᠤᠭ᠎ᠠ ᠲᠡᠶ ᠰᠦ᠋ ᠪᠠᠨ ᠳᠡᠭᠡᠭ᠍ᠰᠢ ᠭᠦᠭᠡᠷᠦᠭᠦᠯᠤᠨ ᠰᠠᠮᠤᠷᠳᠠᠭ ᠪᠠᠢ᠌ᠭᠠᠤᠨ

ᠳᠤᠷᠣᠢ᠌ᠳᠠᠵᠤ ᠪᠠᠢ᠌ᠨ᠎ᠠ ᠭᠡᠵᠤ ᠪᠣᠤ ᠠᠮᠠᠯᠠ

ᠳᠤᠯᠤᠭᠠᠨ ᠪᠣᠷᠬᠠᠨ ᠳᠤ ᠣᠰᠤᠯᠳᠠᠵᠤ ᠳᠤᠤᠷ᠎ᠠ ᠦᠶ᠎ᠡ ᠳᠤ ᠠᠯᠳᠠᠰ ᠪᠣᠯᠤᠨ᠎ᠠ


ᠬᠤᠯᠠ ᠶᠢᠨ ᠣᠬᠠᠭᠠᠨ ᠰᠡᠢ᠌ᠯᠦᠭ᠍ᠰᠡᠨ ᠮᠡᠷᠭᠡᠳ ᠶᠢᠡᠨ ᠪᠣᠯᠠᠵᠤ

ᠬᠤᠷᠤᠨ ᠮᠠᠭᠤ ᠰᠠᠨᠠᠭ᠎ᠠ ᠪᠠᠷ ᠬᠤᠳᠤᠭᠤᠳᠤ ᠪᠠᠨ ᠳᠦᠭᠦᠷᠭᠡᠵᠤ

ᠬᠤᠭᠰᠢᠯ ᠮᠦᠩᠭᠦ ᠭᠦᠶ‍ᠦᠯᠭᠡᠵᠤ ᠪᠠᠢ᠌ᠵᠤ ᠳᠢᠳᠢᠮ ᠵᠡᠭᠦᠴᠢᠭᠡᠭᠡᠳ

ᠬᠤᠴᠤᠷᠴᠤ ᠪᠠᠢ᠌ᠨ᠎ᠠ ᠪᠢᠳᠠ ᠭᠡᠵᠤ ᠪᠣᠤ ᠮᠠᠭᠤ ᠠᠮᠠᠯᠠ


ᠬᠤᠯᠤᠰᠤᠳᠠᠢ ᠨᠠᠭᠤᠷ ᠶᠢᠠᠨ ᠲ᠋ᠣᠢ᠌ᠮᠤᠷᠳᠠᠵᠤ ᠬᠠᠷᠠᠯᠠᠭᠤᠯᠤᠭᠠᠤᠨ

ᠬᠤᠰᠤ ᠲᠡᠶ ᠣᠢ ᠪᠠᠨ ᠴᠦᠯᠪᠠᠵᠤ ᠳᠠᠭᠤᠰᠤᠭᠠᠤᠨ

ᠬᠤᠪᠣᠷ ᠠᠮᠢᠳᠠᠤᠨ ᠢ ᠨᠢ ᠠᠯᠠᠵᠤ ᠪᠠᠷᠠᠭᠠᠭᠠᠤᠨ

ᠬᠤᠷ᠎ᠠ ᠦᠭᠡᠶ ᠪᠣᠯᠤᠯ᠎ᠠ ᠭᠡᠵᠤ ᠪᠣᠤ ᠮᠠᠭᠤ ᠠᠮᠠᠯᠠ


ᠳᠠᠨ ᠤ ᠭᠢ ᠮᠠᠨ ᠤ ᠭᠢ ᠪᠦᠭᠦᠳᠡᠭᠡᠷ ᠯᠠ

ᠳᠠᠪᠤᠨ ᠬᠤᠰᠢᠭᠤ ᠮᠠᠯ ᠲᠡᠶ ᠪᠠᠢ᠌ᠭᠰᠠᠨ ᠶᠤᠮ

ᠳᠠᠪᠠ ᠦᠭᠡᠶ ᠬᠠᠷᠢᠶᠠᠳᠤ ᠣᠷᠤᠰᠬᠠᠭᠰᠠᠭᠠᠷ ᠪᠠᠢ᠌ᠵᠤ

ᠳᠠᠯ᠎ᠠ ᠡᠴᠠ ᠪᠠᠨ ᠮᠠᠯ ᠶᠢᠡᠨ ᠵᠠᠯᠠᠴᠢᠬᠠᠭᠰᠠᠨ ᠶᠤᠮ


ᠭᠦᠭᠡᠰ ᠭᠦᠭᠡᠰ ᠳᠠᠰᠢᠶ᠎ᠠ ᠪᠠᠷ ᠡᠳᠦᠷᠵᠢᠨ ᠠᠶᠠᠯᠠᠭᠠᠤᠨ ᠮᠤᠬᠤᠳᠠᠭ ᠦᠭᠡᠶ

ᠭᠦᠷᠡᠩ ᠭᠤᠪᠢ ᠶᠢ ᠳᠤᠭᠤᠯᠳᠠᠭ ᠭᠦᠴᠦᠳᠤ ᠣᠨᠤᠭ᠎ᠠ

ᠭᠦᠰᠡᠯ ᠤᠨ ᠠᠯᠤᠰ ᠲᠤ ᠭᠦᠷᠭᠡᠭᠡᠳ ᠥᠭ᠍ᠳᠡᠭ᠌ ᠡᠷᠳᠡᠨᠢ ᠶᠢᠨ ᠭᠦᠯᠦᠭ᠌

ᠭᠦᠵᠦᠭᠦᠨ ᠡᠴᠠ ᠨᠢ ᠳᠡᠭᠦᠵᠢᠯᠡᠭ᠍ᠰᠡᠨ ᠬᠤᠩᠬᠤᠨ ᠡᠴᠠ ᠨᠢ ᠦᠯᠢᠭᠡᠷ ᠡᠭᠦᠰᠳᠡᠭ᠌


ᠨᠢᠭᠦᠯ ᠬᠠᠷᠭᠤᠰᠤᠯ ᠬᠤᠶᠠᠷ ᠢ ᠴᠢᠨᠢ ᠨᠠᠪᠳᠠ ᠬᠠᠷᠠᠭᠰᠠᠨ ᠰᠢᠭ

ᠨᠢᠯᠪᠣᠰᠤ ᠪᠦᠮᠪᠦᠷᠢᠭᠦᠯᠵᠤ ᠣᠶᠠᠷᠠᠵᠤ ᠥᠭ᠍ᠳᠡᠭ᠌ ᠬᠠᠨᠢᠳᠠᠨ ᠶᠢᠡᠨ

《ᠭᠤᠪᠣᠷᠤᠤ》 ᠭᠡᠵᠤ ᠭᠤᠳᠤᠭᠠᠨ ᠬᠠᠷᠢᠶᠠᠵᠤ ᠪᠠᠢ᠌ᠭᠠᠤᠨ

ᠭᠤᠪᠢ ᠡᠴᠠ ᠪᠠᠨ ᠶᠠᠭᠤᠨ ᠳᠤ ᠳᠡᠮᠡᠭᠡ ᠪᠠᠨ ᠮᠤᠷᠳᠠᠭᠤᠯᠤᠨ᠎ᠠ ᠪᠣᠢ


ᠴᠡᠭᠡᠯ ᠰᠠᠢ᠌ᠬᠠᠨ ᠳᠠᠭᠤᠤ ᠮᠤᠷᠢ ᠪᠠᠷ ᠡᠭᠢᠯᠡᠳᠡᠭ᠌

ᠴᠡᠩᠭᠡᠯ ᠵᠢᠷᠭᠠᠯ ᠤᠨ ᠨᠠᠢ᠌ᠷ ᠴᠡᠭᠡ ᠪᠠᠷ ᠡᠭᠢᠯᠡᠳᠡᠭ᠌

ᠭᠠᠯ ᠰᠠᠴᠤᠭᠰᠠᠨ ᠳᠠᠯ ᠲᠡᠶ ᠭᠠᠩ ᠳᠤᠭᠤᠷᠠᠢ᠌ᠳᠤ ᠭᠦᠯᠦᠭ᠌ ᠤᠨ ᠳᠠᠪᠭᠢᠭ᠎ᠠ ᠪᠠᠷ

ᠭᠠᠳᠠᠭᠠᠳᠤ ᠳᠤᠳᠤᠭᠠᠳᠤ ᠳᠤ ᠭᠠᠢ᠌ᠬᠠᠭᠳᠠᠭᠰᠠᠨ ᠨᠠᠭᠠᠳᠤᠮ ᠡᠭᠢᠯᠡᠳᠡᠭ᠌


ᠳᠤᠭᠤᠷᠠᠢ ᠶᠢᠨ ᠬᠡ ᠶᠢ ᠨᠢ ᠳᠠᠭᠤᠷᠢᠶᠠᠵᠤ ᠴᠡᠴᠡᠭ᠌ ᠳᠡᠯᠭᠡᠷᠡᠳᠡᠭ᠌ ᠡ

ᠳᠤᠮᠤᠭ ᠮᠥᠩᠭᠡᠷᠡᠭ᠍ᠰᠡᠨ ᠭᠠᠵᠠᠷ ᠡᠴᠠ ᠨᠢ ᠬᠤᠭᠤᠷ ᠤᠨ ᠡᠭᠡᠰᠢᠭ᠌ ᠡᠭᠦᠰᠳᠡᠭ᠌ ᠡ

ᠳᠤᠤᠯᠢ ᠶᠢᠨ ᠪᠠᠭᠠᠳᠤᠷ ᠤᠨ ᠰᠢᠳᠢ ᠶᠢᠨ ᠭᠦᠯᠦᠭ᠌ ᠪᠣᠯᠵᠤ ᠮᠠᠩᠭ᠋ᠤᠰ ᠢ ᠳᠠᠷᠤᠳᠠᠭ ᠦᠯᠢᠭᠡᠷ ᠲᠡᠶ

ᠳᠤᠭᠤᠷᠭ᠎ᠠ ᠳᠤᠰᠠᠭᠠᠷ ᠮᠤᠩᠭ᠋ᠤᠯ ᠤᠨ ᠳᠦᠷᠤ ᠳᠤ ᠮᠤᠷᠢ ᠦᠭᠡᠶ ᠣᠢ᠌ᠯᠠ ᠪᠠᠢ᠌ᠭᠰᠠᠨ ᠦᠭᠡᠶ

ᠣᠩᠰᠢᠭᠠᠤᠨ ᠳᠠᠭᠤᠰᠬᠤ ᠦᠭᠡᠶ ᠦᠯᠢᠭᠡᠷ ᠲᠡᠶ

ᠣᠴᠢᠷᠯᠠᠭᠠᠤᠨ ᠪᠠᠷᠠᠬᠤ ᠦᠭᠡᠶ ᠰᠤᠶᠤᠯ ᠲᠡᠶ

ᠮᠤᠩᠭ᠋ᠤᠯ ᠭᠦᠮᠤᠨ ᠤ ᠭᠡᠢ᠌ᠮᠦᠷᠢ ᠵᠤᠯᠪᠣᠭ᠎ᠠ

ᠮᠤᠯᠤᠷ ᠡᠷᠳᠡᠨᠢ ᠶᠢᠨ ᠳᠤᠯᠤᠭᠠᠢ᠌ᠳᠤ ᠮᠤᠷᠢ ᠪᠠᠨ

ᠮᠤᠲ᠋ᠤᠷ ᠳᠠᠮᠤᠷ ᠶᠢᠡᠷ ᠠᠷᠠᠯᠵᠢᠵᠤ

ᠮᠤᠩᠬᠠᠷᠠᠵᠤ ᠪᠢᠳᠡᠭᠡᠢ ᠵᠠᠩᠨᠠ

ᠪᠣᠭᠣᠢ᠌ᠯᠢ ᠬᠠᠶᠠᠵᠤ ᠪᠠᠷᠢᠵᠤ ᠨᠢᠷᠤᠭᠤᠨ ᠳ᠋ᠤᠨᠢ ᠵᠠᠯᠠᠷᠠᠴᠢᠬᠠᠭᠠᠤᠨ

《ᠪᠣᠭᠤᠮ᠎ᠠ》 ᠭᠡᠵᠤ ᠬᠠᠷᠢᠶᠠᠵᠤ ᠪᠣᠤ ᠭᠠᠯᠵᠠᠭᠤᠷᠠ

ᠪᠣᠷᠬᠠᠨ ᠳᠡᠭ᠍ᠷᠢ ᠳᠤ ᠪᠣᠷᠤᠭᠤ ᠬᠠᠷᠠᠭᠳᠠᠵᠤ

ᠪᠣᠶᠠᠨ ᠭᠡᠰᠢᠭ᠌ ᠶᠢᠡᠨ ᠵᠠᠢ᠌ᠯᠠᠭᠤᠯᠵᠤ ᠪᠠᠢ᠌ᠭ᠎ᠠ ᠪᠠᠨ ᠮᠠᠳᠠ


ᠴᠠᠭᠠᠨ ᠰᠦ᠋ ᠶᠢᠨ ᠰᠠᠩ ᠡᠴᠠ ᠨᠢ ᠰᠠᠴᠤᠯᠢ ᠡᠷᠭᠦᠵᠤ ᠪᠠᠷᠳᠠᠮ ᠠᠮᠢᠳᠤᠷᠠᠵᠤ

ᠴᠠᠭ ᠤᠨ ᠬᠤᠭᠤᠯᠠᠨ ᠳᠤ ᠳᠡᠭᠡᠵᠢ ᠪᠣᠯᠭᠠᠵᠤ ᠰᠢᠷ᠎ᠠ ᠳᠤᠰᠤ᠂ ᠬᠤᠷᠤᠳ᠂ ᠠᠭᠠᠷᠤᠤᠯ ᠁ ᠳᠠᠯᠪᠢᠳᠠᠭ

ᠵᠢᠰᠤ ᠨᠢ ᠨᠢᠭᠡ ᠪᠠᠷ ᠦᠷᠠᠵᠢᠵᠤ ᠴᠢᠮ᠎ᠠ ᠶᠢ ᠪᠠᠶᠠᠵᠢᠭᠤᠯᠵᠤ ᠪᠠᠢ᠌ᠳᠠᠭ

ᠵᠢᠦᠡᠭᠦᠵᠤ ᠪᠠᠢ᠌ᠵᠤ ᠳᠤᠰᠠ ᠪᠠᠨ ᠥᠭ᠍ᠴᠤ ᠴᠢᠮ᠎ᠠ ᠶᠢ ᠵᠢᠷᠭᠠᠭᠤᠯᠵᠤ ᠪᠠᠢ᠌ᠭᠰᠠᠨ

ᠵᠠᠭᠤᠨ ᠵᠠᠭᠤᠨ ᠢ ᠳᠡᠭᠡᠭᠡᠵᠤ ᠣᠷᠤᠭᠰᠢ ᠳᠠᠮᠠᠤᠯᠵᠤ ᠢᠷᠡᠭ᠍ᠰᠡᠨ

ᠵᠤᠪᠠᠯ ᠢ ᠴᠢᠨᠢ ᠬᠤᠪᠢᠶᠠᠵᠤ ᠵᠦᠳᠡᠵᠦ ᠢᠷᠡᠭ᠍ᠰᠡᠨ ᠠᠴᠢᠳᠠᠨ

《ᠥᠪᠦᠧ ᠥᠪᠦᠧ》 《ᠡᠮᠧ ᠡᠮᠧ》 ᠭᠡᠵᠤ ᠮᠥᠭᠡᠷᠦᠭᠡᠳ ᠢᠷᠡᠳᠡᠭ᠌ ᠥᠭᠡᠷ ᠶᠢᠡᠨ

ᠦᠭᠡᠶ ᠭᠢᠵᠤ ᠴᠢ 《ᠮᠢᠯᠵᠠᠩ》 ᠭᠡᠵᠤ ᠶᠠᠭᠤᠨ ᠳᠤ ᠬᠠᠷᠢᠶᠠᠨ᠎ᠠ ᠪᠣᠢ

ᠦᠷᠤᠰᠢᠶᠠᠯ ᠡᠨᠡᠷᠢᠯ ᠦᠭᠡᠶ ᠠᠮᠠᠨ ᠤ ᠮᠠᠭᠤ ᠡᠴᠠ ᠴᠢᠨᠢ

ᠣᠢ᠌ᠯᠠ ᠶᠢᠨ ᠦᠷ᠎ᠡ ᠳᠡᠯᠭᠡᠷᠡᠭᠡᠳ

ᠥᠶ‍ᠦᠭ᠌ ᠰᠠᠢ᠌ᠬᠠᠨ ᠠᠮᠢᠳᠤᠷᠠᠯ ᠶᠢᠡᠨ ᠰᠠᠵᠢᠵᠤ ᠪᠠᠷᠠᠭᠠᠤᠨ ᠴᠢ

ᠦᠷᠦᠭᠡᠯ ᠡᠴᠠ ᠰᠥ᠋ ᠭᠤᠶᠤᠵᠤ ᠪᠠᠢ᠌ᠭ᠎ᠠ ᠪᠠᠨ ᠮᠠᠳᠠ


ᠣᠩᠭ᠋ᠤᠨ ᠰᠢᠳᠦᠭᠡᠨ ᠶᠢᠡᠨ ᠳᠠᠭᠢᠬᠤ ᠳᠤ ᠰᠢᠭᠦᠰᠤ ᠶᠢ ᠨᠢ ᠳᠡᠪᠰᠢᠭᠦᠯᠳᠡᠭ᠌

ᠣᠷᠳᠤ ᠴᠠᠭᠠᠨ ᠭᠡᠷ ᠶᠢᠡᠨ ᠪᠠᠷᠢᠬᠤ ᠳᠤ ᠣᠩᠭ᠋ᠠᠰᠤ ᠪᠠᠷ ᠨᠢ ᠪᠦᠷᠢᠳᠡᠭ᠌

ᠴᠠᠰᠤ ᠮᠦᠰᠤᠳᠤ ᠡᠪᠦᠯ ᠢ ᠠᠷᠠᠰᠤ ᠪᠠᠷ ᠨᠢ ᠳᠤᠯᠠᠭᠠᠯᠠᠵᠤ ᠭᠡᠳᠦᠯᠳᠡᠭ᠌

ᠴᠠᠭ ᠴᠠᠭ ᠤᠨ ᠬᠤᠭᠤᠯᠠᠨ ᠳᠤ ᠮᠢᠬ᠎ᠠ ᠪᠠᠷ ᠨᠢ ᠦᠯ ᠳᠠᠷᠤᠳᠠᠭ


ᠴᠠᠳᠬᠤᠯᠠᠩ ᠳᠠᠪᠠᠳᠠᠢ ᠠᠮᠢᠳᠤᠷᠠᠯ ᠢ ᠴᠢᠮ᠎ᠠ ᠳᠤ ᠡᠳ᠋ᠯᠡᠭᠦᠯᠳᠡᠭ᠌

ᠴᠠᠭᠯᠠᠰᠢ ᠦᠭᠡᠶ ᠪᠠᠶᠠᠷ ᠵᠢᠷᠭᠠᠯ ᠢ ᠴᠢᠮ᠎ᠠ ᠳᠤ ᠥᠭ᠍ᠳᠡᠭ᠌

ᠡᠷᠭᠢᠮ ᠪᠠᠯᠡᠭ᠌ ᠲᠤ ᠬᠠᠯᠠᠭᠤᠨ ᠬᠤᠰᠢᠭᠤᠳᠤ ᠭᠡᠵᠤ ᠳᠦᠷᠦᠭᠦᠨ ᠳᠤ ᠨᠢ ᠶᠠᠪᠣᠳᠠᠭ

ᠡᠷᠳᠡᠨᠢᠳᠤ ᠰᠦᠷᠦᠭ᠌ ᠤᠨ ᠮᠠᠨᠢ ᠪᠣᠶᠠᠨ ᠤ ᠬᠤᠷᠤᠢ ᠬᠤᠨᠢ ᠡ


ᠶᠠᠭᠤᠮᠠᠨ ᠤ ᠬᠠᠷᠢᠭᠤ ᠳᠠᠷᠤᠢ ᠳᠤ ᠪᠠᠨ

ᠢᠮᠠᠭᠠᠨ ᠮᠢᠬ᠎ᠠ ᠬᠠᠯᠠᠭᠤᠨ ᠳᠤ ᠪᠠᠨ ᠭᠡᠳᠡᠭ᠌

ᠶᠠᠳᠠᠷᠠᠭᠰᠠᠨ ᠭᠦᠮᠤᠨ ᠢ ᠢᠮᠠᠭ᠎ᠠ ᠪᠠᠷ ᠲᠡᠳᠬᠦ

ᠶᠠᠭᠠᠷᠠᠭᠰᠠᠨ ᠭᠦᠮᠤᠨ ᠢᠮᠠᠭ᠎ᠠ ᠳᠡᠵᠢᠭᠡ ᠭᠡᠳᠡᠭ᠌


ᠶᠠᠠᠳᠤᠩ ᠬᠠᠳᠠᠨ ᠳᠤ ᠳᠤᠭᠯᠠᠳᠠᠭ

ᠶᠠᠩᠭᠢᠷ ᠤᠨ ᠰᠦᠷᠦᠭ᠌ ᠤᠨ ᠳᠠᠰᠤᠷᠬᠠᠢ

ᠶᠠᠷᠢᠬᠤ ᠶᠢ ᠴᠢᠨᠢ ᠭᠦᠷᠳᠡᠯ᠎ᠡ ᠳᠦᠭᠦᠭᠡᠷᠴᠤ ᠴᠢᠳᠠᠳᠠᠭ ᠢᠮᠠᠭ᠎ᠠ ᠪᠠᠨ

ᠶᠠᠷᠰᠢᠭ ᠪᠣᠯᠭᠠᠵᠤ ᠴᠢ ᠶᠠᠭᠤᠨ ᠳᠤ ᠭᠤᠯᠤᠨ᠎ᠠ ᠪᠣᠢ


ᠬᠤᠪᠢᠳᠠᠢ ᠵᠢᠷᠭᠠᠯᠳᠠᠢ ᠠᠮᠢᠳᠤᠷᠠᠯ ᠢ ᠬᠤᠷᠤᠭᠠᠨ ᠳᠤ ᠴᠢᠨᠢ ᠵᠠᠯᠠᠳᠠᠭ

ᠬᠤᠨᠢ ᠢᠮᠠᠭ᠎ᠠ ᠬᠤᠶᠠᠷ ᠡᠷᠳᠡᠨᠢ ᠪᠠᠨ

《ᠭᠤᠳᠤᠢ》 ᠭᠡᠵᠤ ᠴᠢ ᠮᠠᠭᠤ ᠪᠠᠷ ᠬᠠᠷᠢᠶᠠᠭᠠᠤᠨ

ᠭᠤᠷᠢ ᠳᠠᠰᠤᠷᠠᠵᠤ ᠠᠮᠢᠳᠤᠷᠠᠬᠤ ᠳᠠᠪᠢᠯᠠᠩ ᠳᠤ ᠭᠦᠷᠦᠭ᠍ᠰᠡᠨ ᠶᠢᠡᠨ ᠮᠠᠳᠠ


ᠲᠦᠯ ᠤᠨ ᠳᠠᠭᠤᠤ ᠬᠠᠩᠭᠢᠨᠠᠭᠰᠠᠨ ᠳᠦᠷᠦᠭ᠍ᠰᠡᠨ ᠨᠤᠳᠤᠭ ᠤᠨ ᠮᠢᠨᠢ ᠬᠠᠪᠣᠷ

ᠳᠡᠭᠦᠯᠳᠡᠷ ᠣᠷᠴᠢᠯᠠᠩ ᠤᠨ ᠬᠠᠮᠢᠭ᠎ᠠ ᠨᠢ ᠴᠤ ᠥᠭᠡᠷ᠎ᠡ ᠥᠭᠡᠢ

ᠳᠦᠭᠦᠷᠢᠭ᠌ ᠰᠠᠷᠠᠨ ᠦᠷᠭᠦᠭᠡ ᠲᠡᠶ ᠲᠦᠮᠡᠨ ᠮᠠᠯ ᠤᠨ ᠭᠡᠰᠢᠭ᠌ ᠳᠠᠢ

ᠳᠡᠭᠦᠰ ᠵᠢᠷᠭᠠᠯᠳᠠᠢ ᠠᠷᠠᠤᠨ ᠲᠦᠮᠡᠨ ᠥᠭᠡᠷ᠎ᠡ ᠬᠠᠮᠢᠭ᠎ᠠ ᠪᠠᠢ᠌ᠨ᠎ᠠ ᠪᠣᠢ


ᠪᠣᠳᠤᠯ ᠣᠬᠠᠭᠠᠨ ᠪᠠᠯᠠᠷᠳᠤᠵᠤ ᠪᠣᠷᠤᠭᠤ ᠵᠥᠭ᠌ ᠲᠤ ᠪᠣᠤ ᠠᠮᠠᠯᠠ

ᠪᠣᠶᠠᠨ ᠤ ᠠᠮᠢᠳᠤᠷᠠᠯ ᠢ ᠪᠣᠭᠤᠯ ᠤᠨ ᠠᠮᠢᠳᠤᠷᠠᠯ ᠶᠢᠡᠷ ᠪᠣᠤ ᠠᠷᠠᠯᠵᠢ ᠡ ᠠᠷᠠᠤᠨ ᠲᠦᠮᠡᠨ ᠮᠢᠨᠢ

ᠠᠮᠠᠨ ᠤ ᠬᠤᠰᠢᠭᠤ ᠠᠠᠵᠢᠰᠤᠨ ᠬᠤᠰᠢᠭᠤ ᠨᠡᠢ᠌ᠯᠡᠭᠦ ᠶᠤᠮ ᠪᠣᠯ

ᠠᠯᠳᠠᠨ ᠳᠡᠯᠡᠭᠡᠢ ᠳᠤ ᠠᠮᠢᠳᠤᠷᠠᠬᠤ ᠳᠠᠪᠢᠯᠠᠩ ᠮᠡᠭᠦᠰᠳᠡᠨ᠎ᠡ ᠰᠢᠤ ᠠᠷᠠᠤᠨ ᠲᠦᠮᠡᠨ ᠮᠢᠨᠢ


ᠭᠠᠵᠠᠷ ᠣᠷᠪᠠᠭᠤᠯᠵᠤ ᠨᠥᠭᠡ ᠮᠠᠯᠳᠠᠭᠰᠠᠨ ᠡᠴᠠ ᠬᠣᠢ᠌ᠰᠢ

ᠭᠠᠰᠠᠯᠠᠩ ᠤᠨ ᠳᠠᠭᠤ ᠰᠤᠨᠤᠰᠳᠠᠵᠤ ᠯᠠ ᠪᠠᠢ᠌ᠨ᠎ᠠ ᠠᠷᠠᠤᠨ ᠲᠦᠮᠡᠨ ᠮᠢᠨᠢ ᠡ

ᠭᠠᠬᠠᠢ ᠶᠢᠨ ᠠᠮᠢᠳᠤᠷᠠᠯ ᠭᠦᠮᠤᠨ ᠤ ᠠᠮᠢᠳᠤᠷᠠᠯ ᠳᠤ ᠳᠤᠭᠢᠷᠠᠬᠤ ᠦᠭᠡᠶ ᠵᠢ

ᠭᠠᠴᠢᠭᠳᠠᠵᠤ ᠪᠠᠢ᠌ᠵᠤ ᠮᠠᠳᠠᠪᠠᠯ ᠣᠷᠣᠢ᠌ᠳᠠᠨ᠎ᠠ ᠰᠢᠤ ᠠᠷᠠᠤᠨ ᠲᠦᠮᠡᠨ ᠮᠢᠨᠢ ᠡ


ᠡᠵᠡᠨ ᠤ ᠮᠡᠷᠭᠡᠨ ᠵᠠᠭᠢᠶ᠎ᠠ ᠪᠠᠷ

ᠡᠭᠡ ᠨᠤᠳᠤᠭ ᠶᠢᠡᠨ ᠭᠠᠮᠨᠠ

ᠡᠷᠳᠡᠨᠢᠳᠤ ᠰᠦᠷᠦᠭ᠌ ᠶᠢᠡᠨ ᠬᠠᠢ᠌ᠷᠠᠯᠠᠪᠠᠯ

ᠡᠷᠭᠡ ᠵᠢᠷᠭᠠᠯ ᠴᠢᠨᠢ ᠮᠥᠩᠭᠡ ᠪᠠᠢ᠌ᠳᠠᠭ ᠡ


ᠰᠠᠠᠰᠠᠷ ᠳᠡᠭ᠍ᠷᠢ ᠶᠢᠨ ᠳᠤᠤᠷ᠎ᠠ

ᠰᠠᠷᠠᠭᠤᠯ ᠣᠬᠠᠭᠠᠨ ᠭᠡᠷᠡᠭ᠍ᠳᠡᠢ ᠪᠠᠢ᠌ᠨ᠎ᠠ ᠠᠷᠠᠤᠨ ᠲᠦᠮᠡᠨ ᠮᠢᠨᠢ ᠡ

ᠰᠠᠢ᠌ᠨ ᠣᠢ᠌ᠯᠠ ᠶᠢ ᠵᠥᠭᠯᠡᠵᠤ

ᠰᠠᠢ᠌ᠨ ᠠᠮᠠᠯᠠᠭᠠᠴᠢ ᠡ ᠠᠷᠠᠤᠨ ᠲᠦᠮᠡᠨ ᠮᠢᠨᠢ


ᠵᠤᠬᠢᠶᠠᠭᠴᠢ ᠶᠢᠨ ᠬᠠᠶ‍ᠢᠭ᠄ ᠣᠩᠨᠢᠭᠤᠳ ᠬᠤᠰᠢᠭᠤᠨ ᠤ ᠬᠠᠢ᠌ᠯᠠᠰᠤ ᠳᠤᠮᠳᠠᠳᠤ ᠰᠤᠷᠭᠠᠭᠤᠯᠢ

ᠵᠤᠬᠢᠶᠠᠭᠴᠢ᠄ ᠵᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2625
ᠴᠠᠭ᠄ 2010 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ