ᠨᠡᠪᠲᠡᠷᠡᠨ ᠤᠷᠤᠬᠤ
ᠴᠠᠭᠠᠠᠨᠠᠭᠤᠷ ᠶᠢᠡᠷ ᠠᠶᠠᠯᠠᠭᠰᠠᠨ ᠨᠢ

ᠦᠷ ᠤᠨ ᠵᠢᠪᠠᠷ ᠵᠥᠭᠡᠯᠡᠨ ᠰᠥᠢᠯᠡᠭᠦᠯᠦᠭ᠍ᠰᠡᠨ

ᠥᠩᠭᠡᠳᠤ ᠰᠠᠢ᠌ᠬᠠᠨ ᠵᠤᠨ ᠤ ᠦᠷᠯᠦᠭᠡ

ᠣᠢ᠌ᠯᠠᠰ ᠨᠢᠭᠡᠳᠡᠨ ᠵᠠᠭᠤᠭᠠᠤᠨ ᠨᠠᠷᠠᠰ

ᠡᠳᠦᠷ ᠤᠨ ᠵᠤᠭᠠᠴᠠᠯ ᠳᠤ ᠮᠤᠷᠳᠠᠯ᠎ᠠ

ᠬᠤᠯᠠ ᠭᠠᠵᠠᠷ ᠵᠤᠭᠠᠴᠠᠨ᠎ᠠ ᠭᠡᠭᠦ ᠡᠴᠠ

ᠬᠤᠪᠳᠤᠯ ᠵᠢᠷᠦᠭᠡ ᠨᠢ ᠳᠤᠭᠳᠤᠯᠤᠨ᠎ᠠ

ᠥᠩᠭᠡᠳᠤ ᠦᠵᠡᠮᠵᠢ ᠰᠤᠨᠢᠷᠬᠠᠨ᠎ᠠ ᠭᠡᠭᠦ ᠡᠴᠠ

ᠡᠯᠢᠭᠡ ᠵᠢᠷᠦᠭᠡ ᠨᠢ ᠦᠨᠳᠠᠯᠵᠠᠨ᠎ᠡ

ᠠᠶᠠᠨ ᠤ ᠮᠠᠰᠢᠨ ᠵᠢᠷᠪᠢᠰᠭᠢᠨ

ᠭᠦᠳᠦᠯ ᠤᠨ ᠳᠤᠭᠤᠰᠤ ᠶᠢ ᠬᠤᠯᠠ ᠬᠠᠶᠠᠯ᠎ᠠ

ᠠᠯᠪᠠ ᠨᠢᠭᠡᠳᠡᠨ ᠠᠯᠵᠢᠶᠠᠯ ᠣᠮᠠᠷᠳᠠᠨ

ᠬᠤᠯᠠ ᠶᠢᠨ ᠵᠠᠮ ᠢ ᠡᠯᠭᠦᠯ᠎ᠡ

ᠭᠢᠷᠢᠨ ᠮᠤᠵᠢ ᠶᠢᠨ ᠮᠤᠳᠤ ᠡᠪᠠᠰᠤ

ᠵᠠᠬ᠎ᠠ ᠡᠴᠠ ᠪᠠᠨ ᠡᠩᠨᠡᠷᠡᠵᠤ ᠨᠤᠭᠤᠭᠠᠷᠠᠨ᠎ᠠ

ᠡᠪᠠᠰᠤ ᠨᠤᠭᠤᠭ᠎ᠠ ᠪᠠᠨ ᠬᠠᠮᠠᠭᠠᠯᠠᠵᠤ ᠶᠠᠪᠣᠭ᠎ᠠ

ᠡ᠊ᠨᠳᠡᠭᠢ ᠭᠦᠮᠦᠰ ᠪᠢᠰᠢᠷᠠᠯᠳᠠᠢ ᠰᠠᠨᠠᠭᠳᠠᠨ᠎ᠠ

ᠬᠤᠩᠭ᠋ᠤᠷ ᠰᠠᠯᠭᠢ ᠡᠮᠤᠨ᠎ᠡ ᠡᠴᠠ ᠦᠯᠢᠶᠠᠨ

ᠰᠡᠷᠮᠡᠭᠦᠨ ᠦᠵᠡᠮᠵᠢ ᠬᠠᠷᠠᠭ᠎ᠠ ᠪᠠᠶᠠᠰᠬᠠᠨ᠎ᠠ

ᠬᠤᠯᠠ ᠶᠢᠨ ᠮᠠᠰᠢᠨ ᠬᠤᠷᠳᠤᠯᠠᠨ ᠳᠠᠪᠭᠢᠭᠰᠠᠭᠠᠷ

ᠵᠤᠷᠢᠭᠰᠠᠨ ᠭᠠᠵᠠᠷ ᠣᠳᠠᠯ ᠦᠭᠡᠶ ᠭᠦᠷᠦᠯ᠎ᠡ᠃



         ᠴᠠᠭᠠᠠᠨᠠᠭᠤᠷ ᠤᠨ ᠬᠤᠯᠠ ᠶᠢᠨ ᠦᠵᠡᠮᠵᠢ


ᠬᠤᠯᠠ ᠡᠴᠠ ᠴᠠᠢ᠌ᠯᠵᠠᠭᠰᠠᠨ ᠴᠠᠭᠠᠠᠨᠠᠭᠤᠷ

ᠬᠤᠪᠢᠯᠭᠠᠨ ᠤ ᠳᠤᠳᠤᠷᠠᠭᠢ ᠬᠤᠪᠢᠯᠭᠠᠨ

ᠬᠤᠷᠴᠢᠭᠢᠨᠠᠨ ᠮᠡᠯᠳᠡᠭᠡᠨᠡᠭᠦ ᠭᠤᠤᠯ ᠤᠨ ᠣᠰᠤ

ᠵᠢᠷᠤᠭ ᠤᠨ ᠳᠤᠳᠤᠷᠠᠭᠢ ᠵᠢᠷᠤᠭ

ᠭᠤᠤᠯ ᠤᠨ ᠭᠦᠪᠠᠭᠡ ᠳᠡᠭ᠍ᠷᠢ ᠶᠢᠨ ᠬᠠᠶᠠᠭ᠎ᠠ

ᠪᠦᠳᠤᠨ ᠴᠤᠭᠴᠠ ᠪᠣᠯᠤᠷᠤᠨ

ᠭᠠᠢ᠌ᠬᠠᠮᠰᠢᠭ ᠤᠨ ᠳᠤᠳᠤᠷᠠᠭᠢ ᠭᠠᠢ᠌ᠬᠠᠮᠰᠢᠭ

ᠨᠢᠳᠤᠨ ᠡᠮᠤᠨ᠎ᠡ ᠢᠯᠠᠷᠠᠪᠠᠢ

ᠳᠤᠩᠭ᠋ᠠᠯᠠᠭ ᠳᠤᠯᠢ᠂  ᠳᠤᠨᠤᠮᠠᠯ ᠨᠠᠭᠤᠷ

ᠳᠤᠩᠭ᠋ᠠᠭᠰᠠᠨ ᠬᠠᠰ ᠂  ᠳᠤᠷᠭᠠᠨ ᠮᠠᠯᠮᠠᠢ

ᠳᠡᠭ᠍ᠷᠢ ᠶᠢᠨ ᠣᠷᠳᠤᠨ᠎ᠠ

ᠵᠡᠭᠦᠳᠤᠨ ᠶᠢᠡᠷ ᠠᠶᠠᠯᠠᠭᠰᠠᠨ ᠰᠢᠭ

ᠳᠢᠶᠠᠨ ᠳᠠᠨ ᠴᠡᠴᠡᠷᠯᠢᠭ᠌ ᠳᠤ

ᠪᠠᠶ᠎ᠠ ᠪᠠᠷ ᠭᠦᠷᠦᠭ᠍ᠰᠡᠨ ᠮᠠᠳᠤ

ᠨᠠᠷ᠎ᠠ ᠳᠤ ᠪᠠᠨ ᠳᠤᠭᠢᠷᠠᠭᠰᠠᠨ ᠴᠠᠭᠠᠠᠨᠠᠭᠤᠷ

ᠨᠠᠯᠣᠢ᠌ᠨ ᠴᠡᠯᠡᠢ᠌ᠭ᠍ᠰᠡᠨ ᠣᠰᠤᠨ ᠣᠷᠳᠤᠨ

ᠬᠤᠪᠢᠯᠭᠠᠨ ᠭᠡᠦᠭᠡᠨ ᠤ ᠠᠷᠰᠢ ᠶᠢᠨ ᠮᠠᠯᠮᠠᠢ ᠰᠢᠭ᠌

ᠬᠤᠯᠠ ᠶᠢᠨ ᠵᠤᠴᠢᠨ ᠶᠢᠡᠨ ᠣᠭᠳᠤᠨ ᠳᠤᠨᠤᠯᠵᠠᠨ᠎ᠠ᠃



        ᠴᠠᠭᠠᠨ ᠭᠤᠸ᠎ᠠ ᠭᠡᠦᠭᠡᠨ


ᠨᠠᠭᠢᠯᠵᠠᠨ ᠪᠦᠵᠢᠭᠯᠡᠭ᠍ᠰᠡᠨ ᠴᠠᠭᠠᠨ ᠭᠤᠸ᠎ᠠ ᠭᠡᠦᠭᠡᠨ

ᠨᠠᠮᠰᠠᠷᠠᠢ ᠪᠣᠷᠬᠠᠨ ᠤ ᠪᠦᠷᠢᠯᠸ᠎ᠡ

ᠳᠠᠩᠰᠤᠭ ᠭᠤᠸ᠎ᠠ ᠳᠦᠷᠭᠦ ᠳᠠᠢ

ᠳᠤᠨᠤᠮᠠᠯ ᠨᠠᠭᠤᠷ ᠤᠨ ᠬᠠᠷᠠᠴᠠ ᠳᠠᠢ

ᠣᠷᠭᠤᠭ᠎ᠠ ᠯᠢᠩᠬᠤᠸ᠎ᠠ ᠶᠢᠨ ᠵᠢᠰᠤ ᠳᠠᠢ

ᠣᠷᠠᠨ ᠵᠥᠭᠡᠯᠡᠨ ᠭᠦᠳᠡᠯᠦᠯ ᠳᠠᠢ

ᠠᠭᠤᠳᠠᠮ ᠵᠥᠭᠡᠯᠡᠨ ᠬᠠᠷᠠᠴᠠ ᠪᠠᠷ ᠵᠢᠠᠨ

ᠨᠠᠭᠤᠷ ᠶᠢᠡᠨ ᠴᠢᠮᠠᠨ ᠮᠡᠯᠮᠡᠷᠡᠭ᠍ᠰᠡᠨ

ᠨᠤᠳᠤᠭ ᠤᠨ ᠣᠯᠠᠨ ᠲᠦᠮᠡᠨ ᠳᠤ ᠪᠠᠨ

ᠵᠢᠷᠦᠭᠡᠨ ᠬᠠᠢ᠌ᠷ᠎ᠠ ᠪᠠᠨ ᠡᠷᠭᠦᠭ᠍ᠰᠡᠨ

ᠴᠡᠴᠡᠭ᠌ ᠤᠨ ᠦᠨᠦᠷ ᠠᠩᠭᠢᠯᠤᠭᠤᠯᠤᠭᠰᠠᠨ

ᠴᠡᠪᠠᠷᠭᠡᠨ ᠭᠡᠦᠭᠡᠨ ᠴᠠᠭᠠᠨ ᠭᠤᠸ᠎ᠠ

ᠴᠢᠩ ᠵᠤᠷᠢᠭᠳᠤ ᠢᠳᠡᠭᠡᠯ ᠵᠢᠠᠷ

ᠴᠠᠭᠳᠠᠭᠤᠯ ᠪᠣᠯᠤᠭᠰᠠᠨ ᠴᠠᠭᠠᠨ ᠭᠤᠸ᠎ᠠ

ᠨᠠᠭᠤᠷ ᠶᠢᠡᠨ ᠰᠠᠭᠢᠭᠠᠤᠨ ᠮᠡᠯᠮᠡᠷᠡᠭᠦ

ᠨᠤᠭᠤᠭᠠᠨ ᠳ᠋ᠠᠷ᠎ᠠ ᠶᠢᠨ ᠬᠤᠪᠢᠯᠭᠠᠨ

ᠨᠤᠳᠤᠭ ᠤᠨ ᠳᠦᠷᠭᠦ ᠳᠤ ᠪᠠᠨ ᠰᠤᠭᠳᠤᠭᠤᠷᠠᠭᠰᠠᠨ

ᠨᠠᠷᠠᠨ ᠳᠠᠭᠢᠨᠢ ᠶᠢᠨ ᠪᠦᠷᠢᠯᠸ᠎ᠡ

ᠣᠨ ᠵᠢᠯ ᠤᠨ ᠠᠯᠤᠰᠵᠢᠷᠠᠯ ᠳ᠋ᠤ

ᠡᠯᠡᠭ᠍ᠳᠡᠵᠤ ᠶᠠᠷᠤ ᠴᠤᠴᠠᠷᠠᠭ᠎ᠠ ᠥᠭᠡᠢ

ᠣᠤᠠᠬ᠎ᠠ ᠤᠶᠠᠩ‍ᠭ᠎ᠠ ᠶᠢᠨ ᠣᠷᠠᠨ ᠳᠦᠷᠢ ᠪᠠᠷ

ᠣᠯᠠᠨ ᠤ ᠰᠡᠳᠭᠢᠯ ᠢ ᠪᠠᠶᠠᠰᠬᠠᠭᠰᠠᠨ

ᠴᠠᠭᠠᠨ ᠭᠤᠸ᠎ᠠ ᠶᠢᠨ ᠣᠷᠠᠨ ᠳᠦᠷᠢ

ᠰᠡᠳᠭᠢᠯ ᠳᠤ ᠦᠨᠢᠳᠠ ᠮᠥᠩᠭᠡᠷᠡᠨ᠎ᠡ

ᠴᠠᠭᠠᠠᠨᠠᠭᠤᠷ ᠤᠨ ᠭᠤᠶᠤ ᠳᠠᠭᠢᠨᠢ

ᠵᠢᠷᠦᠭᠡᠨ ᠳᠤ ᠭᠡᠵᠢᠶᠡᠳᠡ ᠠᠮᠢᠳᠤᠷᠠᠨ᠎ᠠ᠃



          ᠮᠢᠶᠤᠤ ᠶ‍ᠢᠨ ᠰᠧ ᠰᠦᠮ᠎ᠡ


ᠦᠨᠳᠦᠷ ᠰᠦᠷᠯᠢᠭ᠌ ᠮᠢᠶᠤᠤ ᠶ‍ᠢᠨ ᠰᠧ ᠰᠦᠮ᠎ᠡ

ᠡᠭᠦᠯᠡᠨ ᠳᠤ ᠰᠢᠷᠭᠤᠮᠠᠷ ᠰᠥᠡᠳᠡᠷᠯᠡᠭᠡᠳ

ᠡᠩᠭᠡ ᠲᠦᠪᠰᠢᠨ ᠤ ᠠᠷᠢᠭᠤᠨ ᠭᠦᠵᠢᠰ

ᠲᠦᠮᠡᠨ ᠭᠠᠵᠠᠷ ᠬᠠᠩᠬᠤᠯᠤᠨ᠎ᠠ

ᠭᠠᠵᠠᠷ ᠡᠴᠠ ᠭᠡᠨᠡᠳᠲᠡ ᠴᠤᠭᠤᠷᠠᠭᠰᠠᠨ ᠰᠢᠭ

ᠭᠠᠢ᠌ᠬᠠᠮᠰᠢᠭᠳᠤ ᠨᠢᠭᠡ ᠰᠦᠮ᠎ᠡ

ᠭᠠᠵᠠᠷ ᠤᠨ ᠬᠤᠯᠠ ᠵᠤᠷᠢᠭᠰᠠᠤᠨ ᠤᠨ

ᠬᠠᠷᠠᠴᠠ ᠶᠢ ᠪᠠᠶᠠᠰᠬᠠᠨ ᠭᠢᠯᠠᠯᠵᠠᠨ᠎ᠠ

ᠨᠤᠭᠤᠭᠠᠨ ᠥᠩᠭᠡᠳᠤ ᠴᠡᠴᠡᠭ᠍ᠳᠤ ᠣᠷᠤᠢ ᠨᠢ

ᠨᠤᠮᠢᠨ ᠡᠭᠦᠯᠡ ᠭᠡᠵᠢᠭᠡᠳᠡᠭᠡᠳ

ᠰᠢᠷ᠎ᠠ ᠥᠩᠭᠡ ᠶᠢᠨ ᠳᠤᠮᠤ ᠳᠤᠭᠠᠩ

ᠳᠡᠭ᠍ᠷᠢ ᠪᠠᠭᠠᠨᠠᠳᠠᠨᠠᠨ ᠰᠦᠨᠳᠠᠷᠯᠠᠨ᠎ᠡ

ᠰᠥᠰᠦᠭ᠌ ᠪᠢᠰᠢᠷᠠᠯ ᠤᠨ ᠭᠡᠭᠡᠨ ᠪᠣᠷᠬᠠᠤᠨ

ᠠᠷᠰᠢ ᠶᠢᠨ ᠭᠠᠷ ᠶᠢᠡᠷ ᠨᠠᠮᠠᠠᠴᠢᠯᠠᠨ

ᠰᠥᠭᠦᠳᠡᠯ ᠮᠦᠷᠭᠦᠯ ᠤᠨ ᠰᠥᠰᠦᠭ᠍ᠳᠡᠨ

ᠳᠤᠯᠤᠭᠠᠢ ᠳᠠᠷᠤᠨ ᠵᠠᠯᠪᠠᠷᠢᠵᠠᠭᠠᠨ᠎ᠠ

ᠬᠣᠢ᠌ᠨ᠎ᠠ ᠡᠮᠤᠨ᠎ᠡ ᠬᠤᠶᠠᠷ ᠠᠰᠠᠷ

ᠬᠤᠷᠴᠠ ᠨᠠᠷᠠᠨ᠎ᠠ ᠭᠢᠯᠠᠯᠵᠠᠭᠠᠤᠨ

ᠲᠦᠮᠡᠨ ᠪᠣᠷᠬᠠᠤᠨ ᠤᠨ ᠭᠡᠭᠡᠨ ᠳᠦᠷᠢ

ᠡᠩ ᠡᠩ ᠶᠢᠡᠷ ᠵᠢᠭ᠍ᠳᠡᠷᠡᠨ᠎ᠡ

ᠶ‍ᠢᠰᠤ ᠶ‍ᠢᠰᠤᠨ ᠨᠠᠶᠠᠨ ᠨᠢᠭᠡᠨ ᠶᠠᠠᠳᠠᠷ

ᠶ‍ᠸᠯᠢ ᠶᠢᠨ ᠰᠢᠳᠢ ᠶᠢ ᠭᠠᠢ᠌ᠬᠠᠭᠤᠯᠵᠤ

ᠳᠡᠭ᠍ᠳᠡᠷ ᠳᠡᠭ᠍ᠳᠡᠷ ᠳᠦᠷᠪᠠᠨ ᠳᠠᠪᠬᠤᠷ ᠠᠰᠠᠷ

ᠳᠡᠭ᠍ᠷᠢ ᠶᠢᠨ ᠣᠷᠳᠤᠨ ᠰᠢᠭ ᠰᠤᠯᠤᠩᠭ᠋ᠠᠷᠠᠨ᠎ᠠ

ᠭᠠᠵᠠᠷ ᠳᠡᠭ᠍ᠷᠢ ᠶᠢᠨ ᠳᠤᠮᠳᠠ

ᠪᠠᠭᠠᠨ᠎ᠠ ᠰᠢᠭ ᠰᠥᠮᠪᠦᠷᠯᠡᠭᠡᠳ

ᠭᠠᠷᠠᠭ ᠣᠳᠤᠨ ᠤ

ᠳᠤᠶᠠᠭ᠎ᠠ ᠰᠢᠭ ᠭᠢᠯᠠᠯᠵᠠᠨ ᠰᠤᠪᠣᠷᠠᠭᠰᠠᠨ

ᠭᠠᠠᠳᠢᠭ ᠴᠢᠯᠠᠭᠤᠨ ᠶᠢᠡᠷ ᠰᠠᠢ᠌ᠯᠵᠤ ᠣᠷᠠᠯᠠᠭᠰᠠᠨ

ᠭᠠᠪᠢᠷ᠎ᠠ ᠴᠡᠴᠡᠭ᠌ ᠤᠨ ᠣᠷᠠᠨ ᠵᠢᠷᠤᠭ ᠳᠤᠳᠤᠷᠠᠭᠰᠠᠨ

ᠮᠦᠩᠭᠦᠨ ᠥᠩᠭᠡᠳᠤ ᠣᠷᠤᠢ ᠨᠢ

ᠮᠢᠩᠭ᠋ᠠᠨ ᠤ ᠪᠠᠷ᠎ᠠ ᠳᠤ ᠭᠢᠯᠠᠯᠵᠠᠭᠠᠤᠨ

ᠮᠢᠠᠳᠠᠰᠤᠨ ᠣᠯᠪᠣᠭᠳᠤ ᠴᠡᠴᠡᠭ᠍ᠳᠤ ᠳᠡᠪᠢᠰᠭᠡᠷ ᠳᠤ

ᠮᠦᠷᠭᠦᠯᠴᠢᠳ ᠤᠨ ᠭᠦᠰᠡᠯ ᠰᠢᠩᠭᠡᠭ᠍ᠰᠡᠨ

ᠮᠢᠶᠤᠤ ᠶ‍ᠢᠨ ᠰᠧ ᠰᠦᠮ᠎ᠡ ᠶᠢᠨ ᠭᠠᠢ᠌ᠬᠠᠮᠰᠢᠭ ᠢ

ᠮᠦᠴᠢᠳ ᠪᠢᠷ ᠶᠢᠡᠷ ᠥᠭᠦᠯᠡᠭᠦᠶ᠎ᠡ ᠪᠠᠷᠭᠡ

ᠮᠡᠷᠭᠡᠨ ᠭᠡᠭᠡᠳ ᠤᠨ ᠰᠤᠷᠳᠠᠬᠤᠨ ᠮᠥᠩᠭᠡᠷᠡᠭ᠍ᠰᠡᠨ

ᠮᠠᠩᠯᠠᠢ ᠰᠢᠳᠦᠭᠡᠨ ᠤ ᠣᠷᠳᠤᠨ ᠡ ︕


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2633
ᠴᠠᠭ᠄ 2011 ᠤᠨ ᠤ 09 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ