☆ ᠰᠠᠷᠠᠭᠤᠯ
ᠮᠤᠩᠭ᠋ᠤᠯ ᠭᠡᠯᠡ
ᠠᠯᠢ ᠴᠤ ᠭᠡᠯᠡ ᠡᠴᠠ ᠰᠤᠳᠤᠨ ᠪᠠᠶᠠᠯᠢᠭ
ᠣᠷᠴᠢᠯᠠᠩ ᠤᠨ ᠴᠠᠴᠠᠨ ᠴᠤᠤᠳᠤ ᠭᠡᠯᠡ ᠪᠣᠶᠤ
ᠠᠷᠢᠭᠤᠨ ᠭᠦᠰᠡᠯ ᠤᠨ ᠴᠤᠭ ᠵᠤᠯᠢ
ᠠᠮᠢᠨ ᠰᠢᠳᠦᠭᠡᠨ ᠭᠡᠷᠡᠯᠳᠤ ᠨᠠᠷᠠᠨ ᠪᠣᠶᠤ
ᠳᠢᠪ ᠠᠯᠤᠰᠯᠠᠨ ᠴᠤᠤᠷᠢᠶᠠᠳᠤᠭᠠᠤᠨ ᠪᠠᠢ᠌ᠳᠠᠭ
ᠳᠡᠯᠭᠡᠷ ᠮᠤᠩᠭ᠋ᠤᠯ ᠤᠨ ᠣᠳᠤᠨ ᠭᠡᠯᠡ
ᠳᠠᠶᠠᠩ ᠳᠠᠭᠤᠷᠢᠰᠤᠭᠤᠯᠤᠨ ᠣᠶᠠᠩᠭ᠋ᠠᠷᠠᠭᠠᠤᠨ ᠬᠠᠯᠢᠳᠠᠭ
ᠡᠷᠡᠯᠭᠡᠭ᠌ ᠥᠭᠡᠯᠤᠨ ᠤ ᠭᠤᠸ᠎ᠠ ᠰᠦᠯᠳᠡ
ᠴᠡᠴᠡᠭ᠌ ᠪᠦᠵᠢᠭ᠍ᠰᠡᠨ ᠨᠤᠭᠤᠭᠠᠨ ᠳᠠᠯ᠎ᠠ ᠪᠠᠨ
ᠪᠠᠢ᠌ᠭᠠᠯᠢ ᠮᠢᠨᠢ ᠭᠡᠵᠤ ᠥᠮᠴᠢᠷᠭᠡᠳᠡᠭ᠌
ᠴᠡᠭ᠍ᠴᠡᠦᠭᠡᠢ ᠵᠢᠷᠭᠢᠭ᠍ᠰᠡᠨ ᠨᠤᠮᠢᠨ ᠬᠤᠰᠤ ᠪᠠᠨ
ᠰᠢᠳᠦᠭᠡᠨ ᠭᠡᠵᠤ ᠥᠨᠡᠮᠰᠢᠳᠡᠭ᠌
ᠰᠤᠶᠤᠯ ᠭᠦᠭᠦᠭ᠍ᠰᠡᠨ ᠡᠷᠭᠡ ᠬᠡᠦᠬᠡᠳ ᠵᠢᠠᠨ
ᠢᠷᠡᠭᠡᠳᠦᠢ ᠭᠡᠵᠤ ᠣᠮᠤᠭᠰᠢᠳᠠᠭ
ᠰᠤᠤᠳᠤ ᠭᠦᠮᠦᠰ ᠤᠨ ᠣᠯᠠ ᠮᠦᠷ ᠵᠢᠠᠨ
ᠳᠡᠦᠭᠡ ᠭᠡᠵᠤ ᠣᠴᠢᠷᠯᠠᠳᠠᠭ
ᠮᠤᠩᠭ᠋ᠤᠯ ᠭᠡᠯᠡ
ᠮᠤᠩᠭ᠋ᠤᠯ ᠭᠦᠮᠤᠨ ᠮᠢᠨᠤ
ᠰᠡᠳᠭᠢᠯ ᠤᠨ ᠴᠠᠭᠠᠨ ᠳᠠᠭᠳᠠᠭ᠎ᠠ ︕
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ ᠤᠨ ᠭᠢᠩᠭ᠋ᠠᠨ ᠠᠢ᠌ᠮᠠᠭ ᠤᠨ ᠲᠦᠰᠢᠶᠠᠳᠤ ᠬᠤᠰᠢᠭᠤ
ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3446
ᠴᠠᠭ᠄ 2011 ᠤᠨ ᠤ 09 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ