ᠨᠡᠪᠲᠡᠷᠡᠨ ᠤᠷᠤᠬᠤ
ᠳᠤᠰᠤᠭᠠᠤᠨ ᠠᠪ ᠳ᠋ᠠ᠂ ᠳᠡᠯᠡᠭᠡᠢ ᠮᠢᠨᠢ

ᠳᠣᠢ᠌ᠭ ᠨᠢ ᠴᠢᠯᠡᠭ᠍ᠰᠡᠨ ᠳᠠᠷᠭᠤᠨ ᠨᠠᠮᠤᠷ

ᠳᠤᠭᠤᠷᠢᠮ ᠤᠨ ᠴᠠᠭᠠᠨ᠎ᠠ ᠡᠴᠡ ᠦᠨᠳᠠᠢ᠌ᠨ ᠪᠣᠰᠴᠤ

ᠳᠤᠯᠢᠨ ᠴᠡᠩᠭᠡᠷ ᠨᠠᠭᠤᠷ ᠤᠨ ᠣᠰᠤᠨ ᠳ᠋ᠤ

ᠳᠤᠭᠤᠰᠤ ᠪᠠᠨ ᠣᠭᠢᠶᠠᠵᠤ ᠨᠡᠭᠦᠳᠡᠯ ᠰᠠᠭᠠᠳᠠᠬᠤ ᠳ᠋ᠤ

ᠰᠦᠨ ᠳᠤ ᠬᠠᠬᠠᠭᠰᠠᠨ ᠦᠳᠡᠰᠢ ᠶᠢᠨ ᠣᠳᠤ

ᠰᠦᠨᠢ ᠶᠢᠨ ᠭᠦᠰᠢᠭᠡ ᠡᠴᠡ ᠭᠤᠯᠭᠤᠷᠢᠨ ᠣᠢ᠌ᠴᠢᠭᠠᠤᠨ

ᠰᠠᠤᠠᠭᠢᠯ ᠳᠤ ᠵᠢᠷᠭᠢᠭ᠍ᠰᠡᠨ ᠬᠤᠨᠤᠭ ᠤᠨ ᠪᠣᠯᠵᠤᠮᠤᠷ ᠢ

ᠰᠡᠯᠡᠭᠦᠨ ᠨᠣᠢ᠌ᠷ ᠡᠴᠡ ᠨᠢ ᠰᠤᠴᠢᠭᠠᠨ ᠰᠡᠷᠡᠭᠡᠭᠦ ᠳ᠋ᠤ

ᠠᠷᠭᠠᠮᠵᠢᠶ᠎ᠠ ᠲ᠋ᠠᠰᠤᠳᠠᠭᠰᠠᠨ ᠦᠨᠦᠴᠢᠨ ᠪᠣᠳᠤᠭᠤ ᠶᠢᠨ

ᠠᠶᠠᠯᠠᠨ ᠳᠡᠰᠢᠭᠦ ᠪᠣᠢ᠌ᠯᠭᠠᠨ ᠳᠤ ᠣᠶᠠᠷᠠᠨ

ᠠᠩᠭᠢᠷ ᠭᠠᠯᠠᠭᠤᠳ ᠤᠨ ᠴᠡᠩᠭᠡᠷᠭᠡᠨ ᠡᠭᠡᠰᠢᠭ᠌

ᠠᠮᠤᠭᠤᠯᠠᠩ ᠨᠠᠭᠤᠷ ᠡᠴᠡ ᠠᠶᠠᠷᠯᠠᠬᠤ ᠮᠦᠴᠡ ᠳ᠋ᠤ

ᠠᠯᠤᠰ ᠤᠨ ᠠᠭᠤᠯᠠᠨ ᠳᠤ ᠴᠡᠴᠡᠭ᠌ ᠤᠨ ᠳᠤᠨᠢᠶᠠᠷ

ᠠᠶᠠᠨ ᠤ ᠳᠤᠭᠤᠰᠤᠨ ᠳᠤ ᠰᠢᠷᠭᠠᠯᠰᠢᠨ ᠳᠠᠪᠠᠯᠵᠠᠨ᠎ᠠ

ᠰᠡᠭᠦᠯᠴᠢ ᠶᠢᠨ ᠰᠢᠪᠠᠭᠤᠳ ᠪᠣᠴᠠᠬᠤ ᠶᠢᠨ ᠰᠤᠷᠠᠭ ᠵᠢᠠᠷ

ᠰᠥᠭᠯᠡᠭᠡᠷ ᠣᠢ ᠳᠤ ᠨᠠᠪᠴᠢᠰ ᠠᠯᠳᠠᠷᠠᠨ᠎ᠠ᠃

ᠭᠦᠩᠭᠡᠭᠡᠨ ᠣᠨᠠᠬᠤ ᠨᠠᠪᠴᠢᠰ ᠢ ᠳᠡᠯᠡᠭᠡᠢ ᠮᠢᠨᠢ

ᠭᠦᠰᠡᠷᠳᠡᠭᠦ ᠡᠴᠡ ᠨᠢ ᠡᠮᠦᠨ᠎ᠡ ᠳᠤᠰᠤᠭᠠᠤᠨ ᠠᠪ ᠳ᠋ᠠ

ᠭᠦᠡᠳᠦᠭᠡᠨ ᠭᠤᠨᠢᠭ ᠢ ᠨᠢ ᠭᠦᠩᠭᠡᠯᠡᠨ ᠥᠭ᠍ᠴᠤ

ᠭᠦᠭᠡᠷᠦᠭᠦᠢ ᠳᠡᠭᠦᠨ ᠢ ᠲᠡᠳᠬᠦᠭᠡᠤᠨ ᠠᠪ ᠳ᠋ᠠ

ᠠᠯᠳᠠᠪᠠᠯ ᠭᠡᠪᠠᠷᠡᠭ᠍‍ᠭᠡᠨ ᠬᠠᠭᠠᠷᠠᠴᠢᠬᠠᠨ᠎ᠠ ᠭᠦᠭᠡᠷᠦᠭᠦᠢ

ᠠᠮᠢᠳᠤᠷᠠᠯ ᠳᠠᠭᠠᠨ ᠢᠯᠡᠭᠦᠭᠡᠨ ᠬᠠᠢ᠌ᠷᠠᠯᠠᠵᠤ ᠪᠠᠢ᠌ᠭᠠᠷᠠᠢ

ᠠᠷᠢᠭᠤᠨ ᠰᠠᠤᠠᠭᠢᠯ ᠤᠨ ᠪᠦᠮᠪᠦᠷᠢᠯ ᠶᠤᠮ ᠭᠡᠵᠤ

ᠠᠯᠠᠭᠠᠨ ᠳᠡᠭᠡᠷ᠎ᠡ ᠪᠠᠨ ᠡᠷᠭᠦᠭᠡᠷᠡᠢ ᠳᠡᠭᠦᠨ ᠢ

ᠳᠤᠰᠤᠭᠠᠤᠨ ᠠᠪ ᠳ᠋ᠠ᠂   ᠲ᠋ᠤᠰᠤᠭᠠᠤᠨ ᠠᠪ

ᠳᠤᠷᠮᠣᠢ᠌ᠵᠤ ᠣᠨᠠᠬᠤ ᠳᠠᠷᠠ ᠨᠠᠪᠴᠢᠰ ᠢ

ᠳᠤᠭᠳᠠᠵᠤ ᠭᠦᠯᠵᠢᠭᠡ ᠦᠭᠡᠶ ᠳᠡᠭᠦᠨ ᠢ ᠶᠠᠷᠤ ᠨᠢ

ᠳᠣᠢ᠌ᠯᠠᠵᠤ ᠬᠠᠷᠠᠳᠠᠭᠠᠤᠨ ᠶᠠᠭᠠᠭᠢᠭᠤ ᠪᠣᠢ ᠳ᠋ᠠ

ᠬᠤᠷᠸ᠎ᠠ ᠶᠢᠨ ᠴᠢᠭᠢᠨ ᠳᠤ ᠮᠥᠩᠭᠡ ᠴᠡᠩᠭᠢᠨᠡᠬᠤ

ᠬᠤᠯᠠ ᠶᠢᠨ ᠨᠥᠭᠦᠷ ᠤᠨ ᠰᠤᠷᠠᠭ ᠶᠤᠮ ᠰᠢᠤ

ᠭᠦᠷᠦᠰᠤ ᠳᠠᠭᠠᠭᠠᠮ᠎ᠠ ᠦᠭᠡᠶ ᠭᠦᠡᠳᠦᠭᠡᠨ ᠣᠨᠠᠬᠤ

ᠭᠦᠭᠡᠷᠦᠭᠦᠢ ᠳᠡᠭᠦᠨ ᠤ ᠵᠠᠶᠠᠭ᠎ᠠ ᠶᠤᠮ ᠰᠢᠤ

ᠳᠤᠰᠤᠭᠠᠤᠨ ᠠᠪ ᠂ ᠳᠤᠰᠤᠭᠠᠤᠨ ᠠᠪ

ᠳᠤᠷᠮᠣᠢ᠌ᠵᠤ ᠣᠨᠠᠬᠤ ᠣᠯᠠᠨ ᠨᠠᠪᠴᠢᠰ ᠢ

ᠭᠦᠵᠢ ᠳᠡᠯᠡᠭᠡᠢ ᠶᠢᠨ ᠵᠤᠨ ᠤ ᠠᠶᠠᠯᠭᠤ

ᠭᠦᠷᠡᠩ ᠵᠢᠷᠦᠭᠡᠨ ᠤ ᠨᠢᠯᠪᠣᠰᠤ ᠶᠤᠮ ᠰᠢᠤ᠃

ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3131
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ