ᠨᠡᠪᠲᠡᠷᠡᠨ ᠤᠷᠤᠬᠤ
ᠰᠠᠭᠰᠠᠭᠠᠷ ᠭᠤᠷᠪᠠᠨ ᠮᠤᠳᠤ

ᠨᠤᠳᠤᠭ ᠲᠤ ᠠᠷᠤ ᠭᠦᠡᠳᠡᠯᠡᠨ ᠰᠤᠮᠤ ᠭᠡᠵᠤ ᠪᠠᠢ᠌ᠳᠠᠭ᠂ ᠰᠤᠮᠤᠨ ᠤ ᠭᠠᠵᠠᠷ ᠡᠴᠠ ᠵᠡᠭᠦᠡᠰᠢ ᠶᠠᠪᠣᠪᠠᠯ ᠪᠠᠶᠠᠨ ᠠᠭᠤᠯᠠ ᠭᠠᠴᠠᠭᠠᠨ ᠳᠤ ᠭᠦᠷᠳᠡᠭ᠌᠃ ᠭᠠᠴᠠᠭ᠎ᠠ ᠣᠷᠤᠭᠤ ᠣᠷᠤᠬᠤ ᠳᠤ ᠬᠤᠯᠠ ᠡᠴᠠ ᠰᠠᠭᠰᠠᠭᠠᠷ ᠭᠤᠷᠪᠠᠨ ᠮᠤᠳᠤ ᠬᠠᠷᠠᠭᠳᠠᠳᠠᠭ᠃ ᠡᠨᠡ ᠭᠤᠷᠪᠠᠨ ᠮᠤᠳᠤ ᠨᠢ ᠠᠢ᠌ᠯ ᠤᠨ ᠭᠢ ᠪᠠᠨ ᠪᠠᠷᠠᠭᠤᠨ ᠲᠡᠶ ᠳᠡᠭ᠍ᠰᠢ ᠭᠠᠵᠠᠷ ᠭᠤᠷᠪᠠᠭᠤᠯᠬᠠᠨ ᠰᠠᠭᠰᠠᠢ᠌ᠵᠤ ᠪᠠᠢ᠌ᠳᠠᠭ᠂ ᠤᠢ᠌ᠷ᠎ᠡ ᠬᠠᠪᠢ ᠪᠠᠷ ᠨᠢ ᠥᠭᠡᠷ᠎ᠡ ᠮᠤᠳᠤ ᠪᠠᠢ᠌ᠬᠤ ᠦᠭᠡᠶ᠂ ᠭᠦᠮᠤᠨ ᠳᠠᠷᠢᠭᠰᠠᠨ ᠪᠢᠰᠢ᠂ ᠪᠠᠢ᠌ᠭᠠᠯᠢ ᠠᠶᠠᠠᠳᠠᠭᠠᠨ ᠣᠷᠭᠤᠭᠤᠯᠤᠭᠰᠠᠨ ᠮᠤᠳᠤ ᠶᠤᠮ ᠪᠠᠢ᠌ᠨ᠎ᠠ᠃

ᠠᠷᠤ ᠭᠦᠡᠳᠡᠯᠡᠨ ᠭᠡᠭ᠍ᠴᠢ ᠪᠠᠷᠠᠭᠤᠨ ᠵᠠᠬ᠎ᠠ ᠳ᠋ᠤᠨᠢ ᠠᠯᠳᠠᠨ ᠳᠠᠪᠠᠭ᠎ᠠ ᠬᠠᠰᠢᠭᠰᠠᠨ᠂ ᠭᠦᠡᠳᠡᠯᠡᠨ ᠤ ᠡᠮᠤᠨ᠎ᠡ ᠬᠣᠢ᠌ᠭᠤᠷ ᠠᠭᠤᠯᠠ ᠬᠠᠢ᠌ᠷᠬᠠᠨ ᠠᠯᠳᠠᠨ ᠳᠠᠪᠠᠭ᠎ᠠ ᠡᠴᠠ ᠵᠡᠭᠦᠡᠰᠢ ᠦᠷᠭᠦᠯᠵᠢᠯᠡᠨ᠂ ᠵᠠᠳᠠᠭᠠᠢ ᠠᠮᠠ ᠨᠢ ᠬᠠᠮᠢᠭ᠎ᠠ ᠭᠦᠷᠳᠡᠭ᠌ ᠢ ᠪᠣᠤ ᠮᠠᠳᠠ ︕ ᠭᠦᠡᠳᠡᠯᠡᠨ ᠭᠤᠤᠯ ᠢ ᠲᠠᠭᠠᠨ ᠭᠦᠮᠤᠨ ᠠᠮᠢᠳᠠᠨ ᠣᠷᠤᠰᠢᠨ ᠠᠵᠤ ᠳᠦᠷᠤᠵᠤ᠂ ᠪᠠᠢ᠌ᠭᠠᠯᠢ ᠶᠢᠨ ᠦᠵᠠᠮᠵᠢ ᠡᠳᠡᠭᠡᠳ ᠭᠤᠶᠤ ᠪᠠᠢ᠌ᠳᠠᠭ ᠭᠠᠵᠠᠷ ᠤᠨ ᠨᠢᠭᠡ ᠳ᠋ᠠ ︕

ᠰᠠᠭᠰᠠᠭᠠᠷ ᠭᠤᠷᠪᠠᠨ ᠮᠤᠳᠤ ᠨᠢ ᠶᠠᠭ ᠰᠠᠭᠠᠬᠠᠯᠳᠠ ᠡᠴᠠ ᠪᠠᠷᠠᠭᠤᠨ ᠲᠡᠶ ᠰᠠᠯᠠᠭ᠎ᠠ ᠨᠠᠮᠠᠭ᠎ᠠ ᠪᠠᠨ ᠰᠠᠭᠰᠠᠢ᠌ᠯᠭᠠᠨ ᠣᠷᠭᠤᠭᠰᠠᠭᠠᠷ᠃ ᠥᠩᠭᠡᠷᠡᠭ᠍ᠰᠡᠨ ᠳᠤ ᠡᠨᠡ ᠭᠤᠷᠪᠠᠨ ᠮᠤᠳᠤ ᠣᠯᠠᠷᠢᠯ ᠤᠨ ᠥᠩᠭᠡ ᠪᠠᠨ ᠲᠠᠭᠠᠨ᠂ ᠨᠠᠰᠢ ᠴᠠᠰᠢ ᠵᠤᠷᠴᠢᠬᠤ ᠭᠦᠮᠤᠨ ᠤ ᠬᠠᠷᠠᠭᠠᠨ ᠳᠤ ᠦᠷᠳᠦᠭ᠍ᠳᠡᠵᠤ᠂ ᠠᠢ᠌ᠯ ᠤᠨ ᠥᠭᠡᠷ ᠮᠠᠯ ᠰᠡᠭᠦᠳᠡᠷ ᠳᠤᠨᠢ ᠭᠡᠪᠳᠡᠭᠦ ᠬᠠᠷᠠᠭᠳᠠᠳᠠᠭ ᠪᠠᠢ᠌ᠯ᠎ᠠ᠃ ᠳᠡᠭᠦᠨ ᠤ ᠪᠠᠷᠠᠭᠤᠨ ᠲᠡᠶ ᠳᠠᠮᠠᠢ ᠬᠤᠯᠠ ᠦᠭᠡᠶ ᠮᠢᠨᠤ ᠦᠶᠡᠯᠢᠳ ᠳᠡᠭᠦᠤ ᠶᠢᠨ ᠭᠤᠷᠪᠠᠨ ᠳᠠᠰᠤᠯᠭ᠎ᠠ ᠪᠠᠢ᠌ᠰᠢᠩ ᠴᠤᠮᠴᠣᠢ᠌ᠨ ᠰᠠᠭᠤᠵᠤ᠂ ᠣᠷᠢᠳᠠᠭᠤᠷ ᠨᠢ ᠭᠦᠡᠳᠡᠯᠡᠨ ᠭᠤᠤᠯ ᠵᠡᠭᠦᠡᠰᠢ ᠣᠷᠤᠰᠴᠤ ᠪᠠᠢ᠌ᠭᠰᠠᠨ᠃ ᠠᠷᠤ ᠭᠦᠡᠳᠡᠯᠡᠨ ᠭᠤᠤᠯ ᠤᠨ ᠣᠰᠤᠨ ᠳᠠᠳᠠᠷᠠᠵᠤ᠂ ᠠᠷᠠᠢ ᠯᠠ ᠠᠮᠢ ᠲᠡᠶ ᠣᠷᠤᠰᠴᠤ ᠪᠠᠢ᠌ᠭᠰᠠᠨ ᠴᠤ ᠡᠪᠦᠯ ᠳᠡᠭᠡᠨ ᠬᠠᠷᠢᠨ ᠭᠦᠯᠳᠡᠨ ᠳᠡᠯᠡᠭ᠍ᠰᠡᠭᠡᠷ ᠳᠡᠭᠦᠤ ᠶᠢᠨ ᠡᠮᠤᠨ᠎ᠡ ᠭᠡᠷᠡᠮ ᠤᠨ ᠣᠭ ᠲᠤ ᠭᠦᠷᠴᠤ ᠶᠠᠪᠣᠵᠤ ᠰᠠᠭᠤᠬᠤ ᠶᠢᠨ ᠠᠷᠭ᠎ᠠ ᠦᠭᠡᠶ ᠪᠣᠯᠭᠠᠳᠠᠭ ᠳᠤᠯᠠ ᠵᠡᠭᠦᠨ ᠳᠠᠯ᠎ᠠ ᠳᠠᠭᠠᠨ ᠡᠭᠦᠳᠡ ᠭᠠᠷᠭᠠᠨ ᠵᠠᠮᠨᠠᠳᠠᠭ ᠪᠣᠯᠪᠠ᠃ ᠭᠦᠮᠦᠰ ᠳᠡᠭᠦᠤ ᠶᠢᠨ ᠭᠢᠨ ᠢ ᠭᠤᠷᠪᠠᠨ ᠮᠤᠳᠤᠨ ᠤ ᠠᠢ᠌ᠯ ᠭᠡᠳᠡᠭ᠌᠃

ᠡᠳᠦᠭᠡ ᠭᠤᠷᠪᠠᠨ ᠮᠤᠳᠤᠨ ᠤ ᠠᠢ᠌ᠯ ᠤᠨ ᠡᠵᠡᠨ ᠢᠳᠠᠷ ᠨᠠᠰᠤᠨ ᠳᠤᠷ ᠡᠪᠡᠳᠴᠢᠨ ᠳᠠᠬᠤᠯ ᠶᠢᠡᠷ ᠬᠤᠯᠠ ᠶᠢᠨ ᠬᠤᠯᠠ ᠭᠠᠵᠠᠷ ᠡᠷᠭᠢᠰᠢ ᠦᠭᠡᠶ ᠬᠠᠯᠢᠨ ᠣᠳᠤᠭᠰᠠᠨ ᠳᠤᠯᠠ ᠰᠠᠭᠰᠠᠭᠠᠷ ᠭᠤᠷᠪᠠᠨ ᠮᠤᠳᠤ ᠨᠢ ᠵᠢᠷᠦᠭᠡ ᠡᠮᠵᠡᠭᠯᠡᠭᠦᠯᠳᠡᠭ᠌ ᠪᠠᠯᠠᠷᠠᠰᠢ ᠦᠭᠡᠶ ᠢᠮ ᠳᠠᠮᠠᠭ᠎ᠠ ᠪᠣᠯᠤᠨ ᠬᠤᠴᠤᠷᠪᠠ ︕ ᠰᠠᠭᠰᠠᠭᠠᠷ ᠭᠤᠷᠪᠠᠨ ᠮᠤᠳᠤ ᠰᠠᠨᠠᠭᠠᠨ ᠡᠴᠠ ᠭᠠᠷᠬᠤ ᠦᠭᠡᠶ ᠪᠣᠳᠤᠯ ᠳᠤ ᠬᠤᠷᠭᠤᠳᠠᠭᠠᠤᠨ ᠵᠤᠪᠠᠨᠢᠯ ᠢ ᠭᠦᠡᠳᠦᠷᠡᠭᠦᠯᠦᠭᠡᠳ ᠪᠠᠢ᠌ᠬᠤᠯᠠᠷ ᠠᠷᠭ᠎ᠠ ᠦᠭᠡᠶ ᠳᠠ ᠪᠦᠭᠦᠨ ᠲᠡᠶ ᠬᠤᠪᠢᠶᠠᠯᠴᠠᠬᠤ ᠯᠠ ᠭᠡᠷᠡᠭ᠍ᠳᠡᠢ ᠪᠣᠯᠤᠯ᠎ᠠ᠃ ᠳᠠᠩᠳᠠᠨ ᠵᠤᠪᠠᠯᠠᠩ ᠲᠡᠶ ᠶᠠᠭᠤᠮ᠎ᠠ ᠪᠢᠴᠢᠭᠦ ᠭᠡᠴᠡᠭᠦᠤ᠂ ᠪᠢᠴᠢᠭᠦ ᠦᠭᠡᠶ ᠪᠣᠯ ᠨᠠᠩ ᠭᠡᠴᠡᠭᠦᠤ᠂ ᠦᠨᠦ ᠰᠠᠭᠰᠠᠭᠠᠷ ᠭᠤᠷᠪᠠᠨ ᠮᠤᠳᠤ ᠰᠠᠨᠠᠭᠠᠨ ᠤ ᠵᠤᠪᠠᠯᠠᠩ ᠪᠣᠯᠵᠤ ᠰᠠᠭᠰᠠᠢ᠌ᠨ᠎ᠠ᠃ ᠳᠡᠭᠦᠤ ᠮᠢᠨᠢ ᠳᠠᠷᠠ ᠭᠠᠵᠠᠷ ᠢ ᠰᠤᠩᠭ᠋ᠤᠵᠤ ᠭᠡᠷ ᠪᠣᠰᠬᠠᠭᠰᠠᠨ ᠨᠢ ᠡᠢ᠌ᠮᠤ ᠣᠴᠢᠷ ᠲᠡᠶ ᠭᠡᠵᠢ ᠦᠦ ⁈

ᠯᠤ ᠰᠢᠶᠦ᠋ᠨ ᠤ 《ᠮᠠᠷᠳᠠᠬᠤ ᠶᠢᠨ ᠲᠦᠯᠦᠭᠡᠨ ᠤ ᠳᠤᠷᠠᠳᠬᠠᠯ》 ᠨᠠᠮᠢ᠋ᠢ ᠰᠡᠭᠡᠰᠭᠢᠯᠭᠡᠪᠡ ︕ ᠪᠢ ᠮᠠᠷᠳᠠᠬᠤ ᠶᠢᠨ ᠲᠦᠯᠦᠭᠡ ᠰᠠᠭᠰᠠᠭᠠᠷ ᠭᠤᠷᠪᠠᠨ ᠮᠤᠳᠤ ᠶᠢ ᠪᠢᠴᠢᠯ᠎ᠠ ︕ ᠮᠠᠷᠳᠠᠬᠤ ᠪᠣᠯᠤᠭᠠᠰᠠᠢ ︕


2013 ᠣᠨ ᠤ 1 ᠰᠠᠷ᠎ᠠ ᠶᠢᠨ 17 ᠊ᠤ ᠡᠳᠦᠷ



ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠤᠨ ᠰᠦᠨᠢᠳ ᠵᠡᠭᠦᠨ ᠬᠤᠰᠢᠭᠤ

ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 56892
ᠴᠠᠭ᠄ 2013 ᠤᠨ ᠤ 01 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ