ᠨᠡᠪᠲᠡᠷᠡᠨ ᠤᠷᠤᠬᠤ
ᠡᠷᠭᠦᠶ᠎ᠡ

ᠰᠤᠷᠤᠭᠴᠢ ᠳᠤ ᠪᠠᠨ ᠪᠢᠳᠠ ᠬᠠᠢ᠌ᠷ᠎ᠠ ᠪᠠᠨ ᠡᠷᠭᠦᠶ᠎ᠡ

ᠰᠤᠤ ᠪᠢᠯᠢᠭ᠌ ᠢ ᠨᠢ ᠬᠤᠷᠴᠠᠯᠠᠵᠤ ᠡᠷᠭᠦᠶ᠎ᠡ

ᠨᠠᠠᠳᠢᠨ ᠪᠦᠭᠦᠨ ᠢ ᠨᠢ ᠨᠢᠮᠪᠠᠢ᠌ᠯᠠᠨ ᠡᠷᠭᠦᠶ᠎ᠡ

ᠨᠠᠮᠢᠷᠠᠭᠰᠠᠨ ᠳᠤᠭ ᠳᠠᠰᠢ ᠳᠠᠯᠠᠯᠠᠵᠤ ᠡᠷᠭᠦᠶ᠎ᠡ

ᠡᠷ᠎ᠡ ᠮᠦᠰᠤ ᠶᠢ ᠨᠢ ᠴᠢᠩᠭ᠋ᠠᠯᠠᠵᠤ ᠡᠷᠭᠦᠶ᠎ᠡ

ᠡᠶ᠎ᠡ ᠨᠠᠢ᠌ᠷᠠᠮᠳᠠᠯ ᠳᠤ ᠭᠦᠳᠦᠯᠵᠤ ᠡᠷᠭᠦᠶ᠎ᠡ

ᠰᠢᠠᠵᠢᠯᠠᠯ ᠰᠤᠳᠤᠯᠤᠯ ᠤᠨ ᠣᠷᠮ᠎ᠠ ᠡᠷᠭᠦᠶ᠎ᠡ

ᠰᠢᠨ᠎ᠡ ᠮᠡᠳᠡᠯᠭᠡ ᠶᠢᠨ ᠪᠠᠬ᠎ᠠ ᠡᠷᠭᠦᠶ᠎ᠡ

ᠨᠠᠷᠠᠨ ᠭᠡᠭᠡ ᠳᠠᠰᠢ ᠳᠠᠯᠠᠯᠠᠵᠤ ᠡᠷᠭᠦᠶ᠎ᠡ

ᠨᠢᠮᠪᠠᠢ ᠵᠠᠩ ᠳᠤ ᠭᠦᠳᠦᠯᠵᠤ ᠡᠷᠭᠦᠶ᠎ᠡ

ᠡᠷᠭᠢᠮ ᠴᠢᠨᠠᠷ ᠬᠠᠢ᠌ᠷᠠᠯᠠᠨ ᠡᠷᠭᠦᠶ᠎ᠡ

ᠡᠩᠭᠡ ᠳᠠᠢ᠌ᠪᠣᠩ ᠴᠢᠪᠬᠠᠳᠠᠨ ᠡᠷᠭᠦᠶ᠎ᠡ

ᠰᠢᠠᠳᠠᠷᠠᠰᠢ ᠦᠭᠡᠶ ᠵᠤᠷᠢᠭ ᠬᠠᠢ᠌ᠷᠠᠯᠠᠶ᠎ᠠ

ᠰᠢᠠᠳᠠᠰᠤ ᠬᠠᠳᠠᠭᠤ ᠮᠦᠰᠤ ᠬᠠᠢ᠌ᠷᠠᠯᠠᠶ᠎ᠠ

ᠰᠤᠷᠳᠠᠯ ᠮᠤᠷᠠᠯ ᠢᠳᠠᠮᠯᠠᠨ ᠡᠷᠭᠦᠶ᠎ᠡ ︕


ᠳᠡᠯᠡᠭᠡᠢ ᠪᠠᠨ ᠪᠢᠳᠠ ᠪᠦᠳᠤᠨ ᠦᠭ‍ᠭᠦᠶ᠎ᠡ

ᠳᠡᠭ᠍ᠵᠢᠷᠡᠯ ᠤᠨ ᠨᠠᠷᠠ ᠲᠡᠶ ᠥᠯᠡᠳᠡᠭᠡᠵᠤ ᠦᠭ‍ᠭᠦᠶ᠎ᠡ

ᠦᠨᠡᠨ ᠤ ᠲᠦᠯᠦᠭᠡ ᠥᠭᠦᠵᠤ ᠡᠷᠭᠦᠶ᠎ᠡ

ᠡᠷᠳᠡᠮ ᠤᠨ ᠵᠠᠮ ᠳᠤ ᠰᠥᠭᠦᠷᠡᠵᠤ ᠡᠷᠭᠦᠶ᠎ᠡ

ᠣᠪᠣᠭ᠎ᠠ ᠳᠠᠭᠢᠯᠭ᠎ᠠ ᠳᠤ ᠰᠢᠳᠤᠵᠤ ᠡᠷᠭᠦᠶ᠎ᠡ

ᠣᠩᠭ᠋ᠤᠨ ᠪᠠᠢ᠌ᠭᠠᠯᠢ ᠪᠠᠨ ᠳᠡᠭᠡᠳᠦᠯᠡᠵᠤ ᠡᠷᠭᠦᠶ᠎ᠡ

ᠡᠶ᠎ᠡ ᠨᠠᠢ᠌ᠷ ᠢ ᠵᠢᠷᠤᠮᠯᠠᠨ ᠡᠷᠭᠦᠶ᠎ᠡ

ᠡᠭᠡᠰᠢᠭ᠌ ᠳᠤᠯᠤᠭ᠎ᠠ ᠶᠢ ᠡᠷᠭᠢᠮᠨᠡᠨ ᠡᠷᠭᠦᠶ᠎ᠡ

ᠳᠤᠯᠭ᠎ᠠ ᠶᠢᠨ ᠭᠠᠯ ᠢ ᠳᠦᠷᠡᠯᠵᠡᠭᠦᠯᠵᠤ ᠡᠷᠭᠦᠶ᠎ᠡ

ᠳᠤᠤᠯᠢ ᠶᠢᠨ ᠰᠤᠨᠢᠨ ᠢ ᠭᠦᠦᠷᠨᠢᠨ ᠡᠷᠭᠦᠶ᠎ᠡ

ᠭᠦᠮᠦᠡᠯᠢᠭ᠌ ᠦᠵᠡᠯ ᠢ ᠵᠢᠭᠠᠵᠤ ᠡᠷᠭᠦᠶ᠎ᠡ

ᠬᠠᠳᠠᠭᠤᠵᠢᠨ ᠪᠣᠢ᠌ᠵᠢᠬᠤ ᠶᠢᠨ ᠵᠤᠷ ᠬᠠᠢ᠌ᠷᠠᠯᠠᠶ᠎ᠠ

ᠬᠠᠢ᠌ᠨ ᠰᠥᠪᠠᠭ᠍ᠴᠢᠯᠡᠭᠦ ᠶᠢᠨ ᠵᠤᠷᠢᠭ ᠡᠷᠭᠦᠶ᠎ᠡ᠃


ᠲᠦᠪ ᠣᠪᠣᠷ ᠢ ᠭᠢᠴᠢᠶᠡᠩᠭᠦᠢᠯᠡᠨ ᠡᠷᠭᠦᠶ᠎ᠡ

ᠳᠡᠦᠭᠡ ᠰᠤᠳᠤᠷ ᠢ ᠰᠠᠴᠤᠯᠠᠨ ᠡᠷᠭᠦᠶ᠎ᠡ

ᠠᠮᠵᠢᠯᠳᠠ ᠶᠢᠨ ᠨᠤᠲ᠋ ᠣᠶᠠᠩᠭ᠋ᠠᠯᠠᠨ ᠡᠷᠭᠦᠶ᠎ᠡ

ᠠᠰᠢᠳᠠ ᠶᠢᠨ ᠳᠠᠪᠰᠢᠯᠳᠠ ᠬᠤᠷᠣᠢ᠌ᠯᠠᠨ ᠡᠷᠭᠦᠶ᠎ᠡ

ᠰᠢᠷᠭᠡᠭ᠌ ᠡᠪᠠᠰᠤ ᠶᠢ ᠬᠠᠢ᠌ᠷᠠᠯᠠᠨ ᠡᠷᠭᠦᠶ᠎ᠡ

ᠰᠢᠨ᠎ᠡ ᠢᠷᠡᠭᠡᠳᠦᠢ ᠶᠢ ᠪᠠᠬᠠᠳᠤᠨ ᠡᠷᠭᠦᠶ᠎ᠡ

ᠬᠤᠷᠴᠢᠨ ᠶᠢᠡᠨ ᠭᠡᠭᠦ ᠣᠬᠠᠮᠰᠠᠷ ᠡᠷᠭᠦᠶ᠎ᠡ

ᠬᠤᠷᠢᠳᠤᠭᠠᠷ ᠵᠠᠭᠤᠨ ᠤ ᠪᠠᠢ᠌ᠭᠠᠯᠢ ᠡᠷᠭᠦᠶ᠎ᠡ

ᠪᠣᠭᠳᠠ ᠶᠢᠨ ᠥᠯᠢᠭᠡᠷ ᠳᠤᠭᠤᠷᠪᠢᠨ ᠡᠷᠭᠦᠶ᠎ᠡ

ᠪᠣᠳᠤᠭᠤ ᠶᠢᠨ ᠪᠣᠢ᠌ᠯᠠᠭ᠎ᠠ ᠠᠶᠠᠯᠤᠨ ᠡᠷᠭᠦᠶ᠎ᠡ

ᠴᠢᠩᠭ᠎ᠠ ᠳᠦᠪᠯᠡᠭᠦᠨ ᠣᠬᠠᠭ᠎ᠠ ᠬᠠᠢ᠌ᠷᠠᠯᠠᠶ᠎ᠠ

ᠴᠢᠳᠠᠮᠠᠭᠠᠢ ᠬᠤᠷᠴᠠ ᠣᠶᠤᠨ ᠢᠪᠠᠭᠡᠶ᠎ᠡ

ᠪᠦᠯᠭᠦᠮᠳᠡᠯ ᠪᠠᠳᠤ ᠶᠢ ᠪᠦᠭᠡᠴᠡᠢ᠌ᠯᠡᠨ ᠡᠷᠭᠦᠶ᠎ᠡ

ᠪᠦᠭᠦᠭᠦ ᠦᠭᠡᠶ ᠭᠠᠯ ᠢ ᠣᠴᠢᠯᠠᠨ ᠡᠷᠭᠦᠶ᠎ᠡ

《ᠣᠷᠠᠨ ᠰᠢᠪᠠᠭᠤᠬᠠᠢ》 ᠶ᠋ᠢ ᠣᠴᠢᠷᠯᠠᠨ ᠡᠷᠭᠦᠶ᠎ᠡ

ᠤᠶᠠᠩ‍ᠭ᠎ᠠ ᠨᠠᠢ᠌ᠷᠠᠭ ᠭᠡᠯᠭᠢᠨ ᠡᠷᠭᠦᠶ᠎ᠡ᠃


ᠪᠦᠮᠪᠦᠷᠴᠡᠭ᠌ ᠶᠢᠡᠨ ᠪᠢᠳᠠ ᠪᠦᠳᠤᠨ ᠦᠭ‍ᠭᠦᠶ᠎ᠡ

ᠪᠣᠰᠤᠭ᠎ᠠ ᠨᠠᠷ᠎ᠠ ᠪᠠᠷ ᠱᠤᠭᠤᠵᠤ ᠡᠷᠭᠦᠶ᠎ᠡ

ᠬᠠᠨ ᠰᠤᠶᠤᠯ ᠶᠢᠡᠨ ᠳᠡᠭᠡᠳᠦᠯᠡᠵᠤ ᠡᠷᠭᠦᠶ᠎ᠡ

ᠬᠠᠰᠠᠭ ᠳᠡᠷᠭᠡ ᠪᠠᠨ ᠮᠦᠷᠦᠭᠡᠳᠤᠨ ᠡᠷᠭᠦᠶ᠎ᠡ

ᠣᠢ᠌ᠯᠠᠰ ᠤᠨ ᠬᠠᠷᠭᠤᠢ ᠵᠢᠷᠤᠭᠴᠢᠯᠠᠵᠤ ᠡᠷᠭᠦᠶ᠎ᠡ

ᠡᠷᠮᠡᠭᠦᠨ ᠵᠤᠯᠢ ᠬᠠᠢ᠌ᠷᠠᠯᠠᠨ ᠡᠷᠭᠦᠶ᠎ᠡ

ᠪᠠᠭᠠᠳᠤᠷ ᠤᠨ ᠳᠤᠤᠯᠢ ᠭᠦᠦᠷᠨᠢᠨ ᠡᠷᠭᠦᠶ᠎ᠡ

ᠪᠠᠢ᠌ᠭᠠᠯᠯᠢᠭ ᠰᠤᠷᠳᠠᠬᠤᠨ ᠰᠠᠴᠤᠯᠠᠨ ᠡᠷᠭᠦᠶ᠎ᠡ

ᠢᠷᠡᠭᠡᠳᠦᠢ ᠶᠢᠨ ᠤᠶᠠᠩ‍ᠭ᠎ᠠ ᠨᠠᠢ᠌ᠷᠠᠭᠯᠠᠨ ᠡᠷᠭᠦᠶ᠎ᠡ

ᠢᠳᠡᠭᠡᠯ ᠤᠨ ᠠᠢ᠌ᠵᠠᠮ ᠶᠠᠳᠤᠭᠠᠳᠤᠨ ᠡᠷᠭᠦᠶ᠎ᠡ

ᠰᠠᠮᠪᠠᠭ᠎ᠠ ᠳᠡᠭᠦᠯᠳᠡᠷ ᠣᠬᠠᠭᠠᠨ ᠡᠷᠭᠦᠶ᠎ᠡ

ᠰᠠᠮᠠᠭᠤᠨ ᠡᠴᠠ ᠡᠮᠢᠶᠡᠭᠦ ᠦᠭᠡᠶ ᠰᠦᠰᠦ ᠡᠷᠭᠦᠶ᠎ᠡ

《ᠨᠠᠬᠤ ᠬᠤᠨ》 ᠊ᠢ ᠳᠠᠨᠢᠭᠤᠯᠤᠨ ᠡᠷᠭᠦᠶ᠎ᠡ

ᠨᠠᠷᠠᠨ ᠤ ᠳᠠᠰᠢ ᠪᠠᠨ ᠬᠤᠷᠣᠢ᠌ᠯᠠᠨ ᠡᠷᠭᠦᠶ᠎ᠡ

ᠠᠮᠪᠠᠭᠠᠢ ᠬᠠᠭᠠᠨ ᠤ ᠳᠤᠤᠯᠢ ᠭᠦᠦᠷᠨᠢᠶ᠎ᠡ

ᠠᠯᠤᠨ ᠤ ᠮᠦᠰᠤ ᠪᠣᠭᠤᠨ ᠡᠷᠭᠦᠶ᠎ᠡ

ᠣᠳᠤᠳ ᠤᠨ ᠰᠠᠴᠤᠷᠠᠯ ᠳᠤ ᠨᠠᠷ᠎ᠠ ᠪᠦᠳᠤᠨ ᠡᠷᠭᠦᠶ᠎ᠡ

ᠣᠷᠴᠢᠯᠠᠩ ᠤᠨ ᠵᠠᠢ ᠳᠤ ᠳᠤᠭᠤᠨᠤ ᠳᠠᠨᠢᠭᠤᠯᠵᠤ ᠡᠷᠭᠦᠶ᠎ᠡ ︕


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2621
ᠴᠠᠭ᠄ 2011 ᠤᠨ ᠤ 10 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ