☆ ᠡ᠊·ᠳᠠᠮᠤᠷ
ᠡᠷ᠎ᠡ ᠭᠦᠮᠤᠨ ᠤ ᠨᠢᠯᠪᠣᠰᠤ
1
ᠡᠷ᠎ᠡ ᠭᠦᠮᠤᠨ ᠣᠶᠠᠷᠠᠪᠠᠯ
ᠡᠭᠡ ᠳᠡᠯᠡᠭᠡᠢ ᠴᠠᠴᠠᠷᠠᠵᠤ
ᠠᠭᠤᠯᠠ ᠬᠠᠢ᠌ᠷᠬᠠᠤᠨ ᠰᠠᠵᠢᠯᠠᠳᠠᠭ
2
ᠡᠷ᠎ᠡ ᠭᠦᠮᠤᠨ ᠤ ᠨᠢᠯᠪᠣᠰᠤᠨ ᠳᠤ
ᠣᠷᠴᠢᠬᠤ ᠣᠷᠴᠢᠯᠠᠩ ᠤᠨ
ᠵᠢᠮ᠎ᠠ ᠳᠠᠭᠠᠵᠤ ᠭᠦᠭᠡᠰᠦᠷᠡᠨᠡ
3
ᠡᠷ᠎ᠡ ᠭᠦᠮᠤᠨ ᠤ ᠨᠢᠯᠪᠣᠰᠤ
ᠠᠮᠠᠷᠬᠠᠨ ᠣᠷᠤᠰᠳᠠᠭ ᠦᠭᠡᠶ
ᠠᠮᠢᠳᠤᠷᠠᠯ ᠢ ᠳᠡᠪᠳᠦᠭᠡᠭᠦ ᠡᠴᠡ ᠪᠢᠰᠢ
ᠬᠤᠷᠮᠤᠢ ᠨᠤᠷᠭᠠᠳᠠᠭ ᠦᠭᠡᠶ
ᠬᠠᠢ᠌ᠷ᠎ᠠ ᠳᠤ ᠠᠭᠤᠰᠬᠤ ᠡᠴᠡ ᠪᠢᠰᠢ
ᠬᠠᠯᠠ ᠳᠤ ᠰᠢᠮᠡᠳᠭᠦ ᠦᠭᠡᠶ
4
ᠡᠷ᠎ᠡ ᠭᠦᠮᠤᠨ ᠤ ᠨᠢᠯᠪᠣᠰᠤ
ᠵᠠᠷᠢᠮ ᠳᠤ ᠪᠠᠨ
ᠰᠡᠭᠦᠷᠡᠰᠤ ᠪᠣᠯᠵᠤ ᠬᠠᠩᠭᠢᠨᠠᠳᠠᠭ
ᠵᠠᠷᠢᠮ ᠳᠤ ᠪᠠᠨ
ᠢᠨᠢᠶᠠᠳᠤ ᠪᠣᠯᠵᠤ ᠵᠠᠩᠭᠢᠷᠠᠳᠠᠭ
ᠪᠠᠰᠠ
ᠳᠠᠭᠤᠤ ᠪᠣᠯᠵᠤ ᠰᠥᠭᠡᠩᠭᠡᠢ᠌ᠳᠦᠨᠡ
ᠪᠠᠰᠠ
ᠠᠮᠢᠳᠤᠷᠠᠯ ᠪᠣᠯᠵᠤ ᠴᠠᠯᠠᠭᠠᠷᠠᠨᠠ
ᠪᠠᠰᠠ
ᠤᠢ᠌ᠳᠬᠠᠷ ᠪᠣᠯᠵᠤ ᠣᠴᠠᠭᠠᠷᠳᠠᠨᠠ
5
ᠡᠷ᠎ᠡ ᠭᠦᠮᠤᠨ ᠤ ᠨᠢᠯᠪᠣᠰᠤ
ᠦᠷᠤᠪᠳᠤᠯ ᠭᠡᠷᠡᠭ᠍ᠰᠡᠭᠦ ᠦᠭᠡᠶ
ᠥᠭᠡᠡᠴᠡ ᠵᠠᠯᠢᠬᠠᠢ ᠭᠦᠮᠦᠰ ᠤᠨ
ᠥᠭᠡ ᠭᠡᠯᠡᠨ ᠳᠤ ᠬᠤᠷᠢᠭᠯᠠᠭᠳᠠᠬᠤ ᠦᠭᠡᠶ
ᠦᠪ ᠥᠨᠡᠡᠴᠢᠭᠡᠨ
ᠵᠢᠷᠦᠭᠡ ᠰᠡᠳᠭᠢᠯ ᠤᠨ
ᠴᠤᠭᠢᠯᠭ᠎ᠠ ᠡᠵᠡᠮᠳᠡᠨ᠎ᠡ
6
ᠡᠷ᠎ᠡ ᠭᠦᠮᠤᠨ ᠤ ᠨᠢᠯᠪᠣᠰᠤᠨ ᠡᠴᠡ
ᠡᠮᠡᠭᠡᠯᠳᠤ ᠮᠤᠷᠢ ᠴᠤ ᠦᠷᠭᠦᠨ᠎ᠡ
ᠳᠤᠯᠭᠠᠷᠠᠵᠤ ᠢᠷᠡᠭ᠍ᠰᠡᠨ ᠭᠦᠴᠢᠷᠳᠡᠯ ᠴᠤ
ᠳᠠᠭᠵᠢᠵᠤ ᠬᠣᠢ᠌ᠰᠢ ᠣᠬᠤᠷᠢᠨ᠎ᠠ
ᠥᠩᠭᠡᠷᠡᠵᠤ ᠣᠳᠤᠭᠰᠠᠨ ᠳᠡᠦᠭᠡᠨ ᠡᠴᠡ
ᠰᠤᠷᠭᠠᠮᠵᠢ ᠳᠡᠭᠦᠵᠤ ᠳᠠᠢ᠌ᠪᠣᠰᠢᠷᠠᠨᠠ
7
ᠡᠷ᠎ᠡ ᠭᠦᠮᠤᠨ ᠣᠶᠠᠷᠠᠪᠠᠯ
ᠥᠩᠭᠡᠰᠢᠭ᠌ ᠪᠠᠢ᠌ᠭᠠᠯᠢ ᠴᠤ ᠭᠡᠰᠡᠨ
ᠡᠯᠡᠰᠤᠨ ᠰᠢᠭᠤᠷᠭ᠎ᠠ ᠪᠠᠷ ᠣᠭᠢᠯᠠᠨ᠎ᠠ
8
ᠡᠷ᠎ᠡ ᠭᠦᠮᠤᠨ ᠤ ᠨᠢᠯᠪᠣᠰᠤ
ᠦᠨ᠎ᠡ ᠴᠠᠨ᠎ᠠ ᠬᠠᠶᠠᠯᠴᠠᠬᠤ ᠦᠭᠡᠶ
ᠴᠢ᠂ ᠡᠰᠡᠭᠦᠯ᠎ᠡ ᠪᠢ
ᠡᠷ᠎ᠡ ᠭᠦᠮᠤᠨ ᠮᠦᠨ ᠪᠣᠯ
ᠳᠤᠰᠤᠯ ᠨᠢᠯᠪᠣᠰᠤ ᠪᠠᠨ
ᠲᠦᠮᠡᠨ ᠳᠦᠭᠦᠷᠢᠭ᠌ ᠶᠢᠡᠷ ᠬᠤᠳᠠᠯᠳᠤᠬᠤ ᠦᠭᠡᠶ
9
ᠡᠷ᠎ᠡ ᠭᠦᠮᠤᠨ ᠤ ᠨᠢᠯᠪᠣᠰᠤ
ᠵᠠᠷᠢᠮ ᠳᠠᠭᠠᠨ
ᠳᠤᠭᠳᠤᠯᠤᠯ ᠪᠣᠯᠵᠤ ᠠᠰᠬᠠᠷᠠᠨ᠎ᠠ
ᠵᠠᠷᠢᠮ ᠳ᠋ᠭᠠᠨ
ᠣᠮᠤᠭᠰᠢᠯ ᠪᠣᠯᠵᠤ ᠭᠦᠷᠭᠢᠷᠡᠨ᠎ᠡ
ᠪᠠᠰᠠ
ᠠᠢ᠌ᠷᠠᠭ ᠪᠣᠯᠵᠤ ᠴᠠᠯᠭᠢᠯᠠᠨ᠎ᠠ
ᠪᠠᠰᠠ
ᠨᠠᠢ᠌ᠷᠠᠭ ᠪᠣᠯᠵᠤ ᠣᠶᠠᠩᠭ᠋ᠠᠷᠠᠨ᠎ᠠ
ᠪᠠᠰᠠ
ᠵᠢᠷᠭᠠᠯ ᠪᠣᠯᠵᠤ ᠳᠤᠶᠠᠭᠠᠷᠠᠨ᠎ᠠ
10
ᠡᠷ᠎ᠡ ᠭᠦᠮᠤᠨ ᠤ ᠨᠢᠯᠪᠣᠰᠤ
ᠰᠡᠳᠭᠢᠯ ᠤᠨ ᠳᠡᠭ᠍ᠷᠢ ᠳᠤ ᠪᠠᠨ
ᠪᠦᠷᠭᠦᠢᠵᠤ
ᠵᠢᠷᠦᠭᠡᠨ ᠳᠡᠭᠡᠷ᠎ᠡ ᠪᠠᠨ ᠴᠢᠳᠬᠤᠯᠠᠨ᠎ᠠ
11
ᠡᠷ᠎ᠡ ᠭᠦᠮᠤᠨ ᠤ ᠨᠢᠯᠪᠣᠰᠤ
ᠥᠭᠡᠡᠴᠡ ᠳᠤᠷᠤᠢ ᠶᠢᠨ ᠢᠯᠠᠷᠠᠯ ᠪᠢᠰᠢ
ᠳᠡᠮᠵᠢᠯᠭᠡ ᠭᠦᠰᠡᠭ᠍ᠰᠡᠨ ᠭᠤᠷᠢᠳᠠᠯ ᠪᠢᠰᠢ
ᠠᠭᠤᠴᠢᠯᠠᠯ ᠡᠷᠢᠭ᠍ᠰᠡᠨ ᠭᠤᠶᠤᠳᠠᠯ ᠪᠢᠰᠢ
ᠠᠮᠢᠳᠤᠷᠠᠯ ᠳᠤ ᠳᠦᠪᠠᠭ᠍ᠳᠡᠭ᠍ᠰᠡᠨ ᠶᠠᠳᠠᠷᠠᠯ ᠪᠢᠰᠢ
ᠠᠭᠤᠷ ᠣᠴᠠᠭᠠᠷ ᠤᠨ ᠭᠤᠨᠢᠶᠠᠯ ᠪᠢᠰᠢ
12
ᠡᠷ᠎ᠡ ᠭᠦᠮᠤᠨ ᠤ ᠨᠢᠯᠪᠣᠰᠤ
ᠦᠨᠡᠠᠴᠢ ᠰᠡᠳᠭᠢᠯ ᠤᠨ ᠳᠤᠭᠳᠤᠯᠤᠯ ᠮᠦᠨ
ᠥᠶᠡᠷᠭᠡᠯ ᠬᠠᠢ᠌ᠷ᠎ᠠ ᠶᠢᠨ ᠦᠷᠤᠪᠳᠠᠰᠤ ᠮᠦᠨ
ᠭᠦᠮᠤᠨ ᠳᠦᠷᠤᠯᠭᠢᠳᠠᠨ ᠤ ᠵᠢᠷᠦᠭᠡ ᠮᠦᠨ
ᠭᠦᠰᠡᠷᠳᠡᠯ ᠭᠠᠴᠢᠭᠳᠠᠯ ᠤᠨ ᠬᠠᠰᠭᠢᠷᠤᠯ ᠮᠦᠨ
ᠶᠠᠳᠠᠷᠠᠭᠰᠠᠨ ᠵᠠᠶᠠᠭᠠᠨ ᠤ ᠳᠠᠢ᠌ᠪᠣᠰᠢᠷᠠᠯ ᠶᠤᠮ ᠡ︕
ᠵᠤᠬᠢᠶᠠᠭᠴᠢ ᠶᠢᠨ ᠬᠠᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2710
ᠴᠠᠭ᠄ 2011 ᠤᠨ ᠤ 05 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ