☆ ᠰᠡᠴᠡᠨᠪᠢᠯᠢᠭ᠌᠂ ᠪᠦᠷᠢᠨᠴᠢᠮᠡᠭ
ᠴᠢᠩᠭᠢᠰ ᠬᠠᠭᠠᠨ ᠤ ᠳᠦᠷᠪᠡᠨ ᠡᠷᠭᠦᠮᠡᠯ ᠳᠡᠭᠦᠦ
᠊᠊᠊᠊᠊᠊᠊᠊᠊᠊᠊᠊᠊᠊᠊ ᠥᠭᠡᠯᠤᠨ ᠡᠭᠡ ᠶᠢᠨ ᠳᠡᠵᠢᠭᠡᠭ᠍ᠰᠡᠨ ᠳᠦᠷᠪᠡᠨ ᠭᠦᠪᠠᠭᠦᠨ
《ᠮᠤᠩᠭ᠋ᠤᠯ ᠤᠨ ᠨᠢᠭᠤᠴᠠ ᠳᠤᠪᠴᠢᠶᠠᠨ》 ᠊ᠤ 138 ᠵᠣᠢ᠌ᠯ ᠳᠤ᠄ 《ᠥᠭᠡᠯᠤᠨ ᠡᠭᠡ᠂ ᠮᠡᠷᠭᠢᠳ ᠤᠨ ᠨᠤᠳᠤᠭ ᠡᠴᠡ ᠣᠯᠳᠠᠭᠰᠠᠨ ᠭᠦᠴᠤ ᠨᠠᠷᠠᠳᠤ ᠭᠡᠦᠭᠡᠤᠨ᠂ ᠳᠠᠢ᠌ᠴᠢᠭᠤᠳ ᠤᠨ ᠪᠠᠰᠤᠳ ᠨᠤᠳᠤᠭ ᠡᠴᠡ ᠣᠯᠳᠠᠭᠰᠠᠨ ᠭᠦᠭᠦᠴᠤ ᠨᠠᠷᠠᠳᠤ ᠭᠡᠦᠭᠡᠤᠨ᠂ ᠳᠠᠲ᠋ᠠᠷ ᠤᠨ ᠨᠤᠳᠤᠭ ᠡᠴᠡ ᠣᠯᠳᠠᠭᠰᠠᠨ ᠰᠢᠭᠢᠬᠤᠳᠤᠭ ᠨᠠᠷᠠᠳᠤ ᠭᠡᠦᠭᠡᠤᠨ᠂ ᠵᠦᠷᠭᠢᠨ ᠤ ᠨᠤᠳᠤᠭ ᠡᠴᠡ ᠣᠯᠳᠠᠭᠰᠠᠨ ᠪᠣᠷᠤᠬᠤᠯ ᠨᠠᠷᠠᠳᠤ ᠭᠡᠦᠭᠡᠤᠨ᠂ ᠡᠳᠡ ᠳᠦᠷᠪᠡ ᠶᠢ ᠭᠡᠷ ᠳᠤᠳᠤᠷ᠎ᠠ ᠳᠡᠵᠢᠭᠡᠪᠡ᠃》 ᠭᠡᠵᠤ ᠳᠡᠮᠳᠡᠭᠯᠡᠵᠤ ᠪᠠᠢ᠌ᠳᠠᠭ᠃ ᠳᠤᠤᠷ᠎ᠠ ᠡᠨᠡ ᠭᠦ ᠴᠢᠩᠭᠢᠰ ᠬᠠᠭᠠᠨ ᠤ ᠳᠦᠷᠪᠡᠨ ᠡᠷᠭᠦᠮᠡᠯ ᠳᠡᠭᠦᠤ ᠶᠢ ᠳᠦᠭᠦᠮ ᠳᠠᠨᠢᠯᠴᠠᠭᠤᠯᠤᠶ᠎ᠠ᠃
ᠰᠢᠭᠢᠬᠤᠳᠤᠭ ᠊᠊᠊᠊᠊᠊᠊᠊᠊᠊᠊᠊᠊᠊᠊ ᠠᠮᠢᠳᠤᠷᠠᠵᠤ ᠪᠠᠢ᠌ᠭᠰᠠᠨ ᠣᠨ ᠵᠢᠯ ᠤᠨ ᠳᠤᠬᠠᠢ ᠳᠤᠳᠤᠷᠬᠠᠢ ᠳᠡᠮᠳᠡᠭᠯᠡᠯ ᠦᠭᠡᠶ᠃ ᠮᠤᠩᠭ᠋ᠤᠯ ᠬᠠᠭᠠᠠᠳᠤ ᠣᠯᠤᠰ ᠤᠨ ᠪᠠᠭᠠᠳᠤᠷ ᠵᠠᠩᠵᠤᠨ ᠴᠤᠯᠠ ᠲᠡᠶ᠃ 1196 ᠣᠨ ᠳᠤ ᠴᠢᠩᠭᠢᠰ ᠬᠠᠭᠠᠨ᠂ ᠳᠤᠭᠤᠷᠢᠯ ᠬᠠᠭᠠᠨ ᠬᠤᠶᠠᠷ ᠬᠠᠮᠳᠤ ᠴᠡᠷᠢᠭ᠌ ᠡᠭᠦᠰᠭᠡᠵᠤ᠂ ᠴᠢᠩᠭᠢᠰ ᠬᠠᠭᠠᠨ ᠡᠴᠠ ᠡᠷᠳᠡ ᠡᠳᠦᠷ ᠡᠴᠠ ᠡᠪᠦᠭᠡᠰ ᠡᠴᠢᠭᠡᠰ ᠢ ᠨᠢ ᠪᠠᠷᠠᠭᠰᠠᠤᠨ ᠳᠠᠲ᠋ᠠᠷ ᠢᠷᠭᠡᠤᠨ ᠡᠴᠠ ᠦᠰᠢᠶ᠎ᠠ ᠪᠠᠨ ᠠᠪᠬᠤ ᠪᠠᠷ ᠪᠣᠯᠵᠠᠢ᠃ ᠳᠠᠳᠠ ᠣᠯᠵᠠ ᠶᠢᠨ ᠭᠤᠤᠯ ᠤᠨ ᠬᠤᠰᠤᠳᠤ ᠰᠢᠳᠦᠭᠡᠨ᠂ ᠨᠠᠷᠠᠳᠤ ᠰᠢᠳᠦᠭᠡᠨ ᠳᠤ ᠳᠠᠢ᠌ᠯᠠᠯᠳᠤᠵᠤ ᠳᠠᠲ᠋ᠠᠷ ᠢ ᠢᠯᠠᠵᠠᠢ᠃ ᠴᠢᠩᠭᠢᠰ ᠬᠠᠭᠠᠨ᠂ ᠣᠩ ᠬᠠᠨ ᠬᠤᠶᠠᠷ ᠳᠠᠠᠳᠠ ᠳᠠᠲ᠋ᠠᠷ ᠢ ᠳᠤᠤᠯᠢᠵᠤ᠂ ᠬᠤᠪᠢᠶᠠᠯᠴᠠᠵᠤ ᠠᠪᠣᠭᠠᠤᠨ᠂ ᠭᠡᠷ ᠭᠡᠷ ᠲᠡᠭᠡᠨ ᠬᠠᠷᠢᠵᠤ ᠪᠠᠭᠤᠪᠠ᠃ ᠳᠠᠲ᠋ᠠᠷ ᠤᠨ ᠬᠤᠷᠭᠤᠳᠠᠵᠤ ᠪᠠᠢ᠌ᠭᠰᠠᠨ ᠨᠠᠷᠠᠳᠤ ᠰᠢᠳᠦᠭᠡᠨ ᠤ ᠪᠠᠭᠤᠴᠠ ᠶᠢ ᠬᠤᠷᠢᠶᠠᠨ ᠠᠪᠬᠤ ᠳᠤ ᠳᠠᠷᠠ ᠨᠤᠳᠤᠭ ᠲᠤ ᠨᠢᠭᠡᠨ ᠥᠴᠦᠭᠡᠨ ᠭᠡᠦᠭᠡᠤᠨ ᠣᠷᠭᠢᠭᠰᠠᠨ ᠢ ᠪᠢᠳᠠᠨ ᠤ ᠴᠡᠷᠢᠭ᠌ ᠤᠳ ᠣᠯᠵᠠᠢ᠃ ᠦᠵᠡᠪᠠᠯ ᠠᠯᠳᠠᠨ ᠡᠭᠡᠮᠦᠭ᠌᠂ ᠳᠦᠷᠠᠪᠴᠢ ᠵᠡᠭᠦᠭ᠍ᠰᠡᠨ ᠪᠠ ᠪᠣᠯᠠᠭ᠎ᠠ ᠶᠢᠨ ᠠᠷᠠᠰᠤ ᠪᠠᠷ ᠳᠤᠳᠤᠷᠯᠠᠭᠰᠠᠨ ᠳᠠᠵᠢ ᠳᠤᠷᠭᠠᠨ ᠡᠯᠢᠭᠡᠪᠴᠢ ᠡᠮᠦᠰᠦᠭ᠍ᠰᠡᠨ ᠠᠵᠠᠢ᠃ ᠴᠢᠩᠭᠢᠰ ᠬᠠᠭᠠᠨ ᠳᠠᠷᠠ ᠭᠡᠦᠭᠡᠤᠨ ᠢ ᠠᠪᠴᠢᠷᠠᠵᠤ᠂ ᠥᠭᠡᠯᠤᠨ ᠡᠭᠡ ᠳᠤ ᠰᠠᠤᠬᠠ ᠭᠡᠵᠤ ᠥᠭ᠍ᠪᠡ᠃ ᠥᠭᠡᠯᠤᠨ ᠡᠭᠡ ᠥᠭᠦᠯᠡᠷᠤᠨ᠄ 《ᠰᠠᠢ᠌ᠨ ᠭᠦᠮᠤᠨ ᠤ ᠭᠦᠪᠠᠭᠦᠨ ᠪᠣᠢ ᠊ᠶ᠎ᠠ᠂ ᠢᠵᠠᠭᠤᠷ ᠰᠠᠢ᠌ᠨ ᠲᠡᠶ ᠭᠦᠮᠤᠨ ᠤ ᠣᠷᠤᠭ ᠪᠣᠢ ᠊ᠶ᠎ᠠ》 ᠭᠡᠵᠤ ᠳᠠᠪᠤᠨ ᠭᠦᠪᠠᠭᠦᠤᠨ ᠤᠨ ᠶᠢᠡᠨ ᠳᠡᠭᠦᠤ᠂ ᠵᠢᠷᠭᠤᠳᠤᠭᠠᠷ ᠭᠦᠪᠠᠭᠦᠨ ᠪᠣᠯᠭᠠᠨ᠂ ᠰᠢᠭᠢᠬᠤᠳᠤᠭ ᠭᠡᠭᠦ ᠨᠠᠷᠠ ᠨᠡᠷᠡᠢ᠌ᠳᠦᠭᠡᠤᠨ ᠠᠰᠠᠷᠠᠨ ᠳᠡᠵᠢᠭᠡᠪᠡ᠃ ᠳᠠᠷᠠ ᠬᠠᠷᠠᠬᠠᠨ ᠪᠠᠭ᠎ᠠ ᠡᠴᠠ ᠪᠠᠨ ᠣᠯᠠᠨ ᠡᠴᠠ ᠭᠡᠳᠥᠢᠳᠦᠭ᠍ᠰᠡᠨ ᠡᠷᠡᠯᠭᠡᠭ᠌ ᠪᠠᠭᠠᠳᠤᠷᠯᠢᠭ ᠰᠦᠰᠦ ᠵᠤᠷᠢᠭ ᠲᠡᠶ ᠪᠠᠢ᠌ᠵᠠᠢ᠃ ᠳᠠᠷᠠ ᠠᠷᠪᠠᠨ ᠳᠠᠪᠤᠨ ᠨᠠᠰᠤᠨ ᠳᠠᠭᠠᠨ ᠰᠠᠯᠭᠢ ᠰᠢᠭᠤᠷᠭᠠᠳᠤ ᠴᠠᠰᠤ ᠲᠡᠶ ᠨᠢᠭᠡᠨ ᠡᠳᠦᠷ ᠭᠠᠭᠴᠠᠭᠠᠷ ᠠᠪᠠᠯᠠᠵᠤ᠂ ᠭᠤᠴᠢᠨ ᠪᠣᠭᠤ ᠡᠴᠠ ᠬᠤᠷᠢᠨ ᠳᠤᠯᠤᠭ᠎ᠠ ᠶᠢ ᠠᠪᠠᠯᠠᠨ ᠠᠯᠠᠵᠤ᠂ ᠴᠢᠩᠭᠢᠰ ᠬᠠᠭᠠᠨ ᠳᠤ ᠶᠡᠭᠡ ᠪᠠᠷ ᠳᠠᠭᠠᠰᠢᠶᠠᠭᠳᠠᠨ ᠮᠠᠭᠳᠠᠭᠳᠠᠵᠤ ᠪᠠᠢ᠌ᠵᠠᠢ᠃ ᠥᠭᠡᠯᠡᠢ ᠪᠣᠯᠤᠭᠰᠠᠨ ᠤ ᠳᠠᠷᠠᠭ᠎ᠠ ᠴᠢᠩᠭᠢᠰ ᠬᠠᠭᠠᠨ ᠢ ᠳᠠᠭᠠᠵᠤ᠂ ᠮᠤᠩᠭ᠋ᠤᠯ ᠤᠨ ᠥᠡᠳᠦᠷᠯᠢᠭ᠌ ᠢ ᠨᠢᠭᠡᠳᠭᠡᠭᠦ ᠶᠡᠭᠡ ᠣᠢ᠌ᠯᠠᠰ ᠲᠤ ᠭᠠᠷᠮᠠᠭᠠᠢ ᠵᠢᠦᠡᠭᠦᠯ ᠥᠵᠡᠭᠦᠯᠪᠡ᠃ 1206 ᠣᠨ ᠳᠤ ᠶᠡᠭᠡ ᠮᠤᠩᠭ᠋ᠤᠯ ᠣᠯᠤᠰ ᠢ ᠪᠠᠢ᠌ᠭᠤᠯᠤᠭᠰᠠᠨ ᠤ ᠳᠠᠷᠠᠭ᠎ᠠ᠂ ᠰᠢᠭᠢᠬᠤᠳᠤᠭ ᠢ 95 ᠮᠢᠩᠭ᠋ᠠᠨ ᠤ ᠳᠤᠳᠤᠷᠠᠭᠢ ᠨᠢᠭᠡᠨ ᠮᠢᠩᠭ᠋ᠠᠨ ᠤ ᠨᠤᠶᠠᠨ ᠶᠢᠡᠷ ᠳᠤᠮᠢᠯᠠᠵᠠᠢ᠃ ᠬᠤᠷᠠᠯᠳᠠᠢ ᠳᠡᠭᠡᠷ᠎ᠡ ᠴᠢᠩᠭᠢᠰ ᠬᠠᠭᠠᠨ 《ᠳᠠᠳᠠ ᠨᠡᠷ ᠤᠨ ᠳᠤᠳᠤᠷ᠎ᠠ ᠡᠴᠠ ᠳᠤᠰᠠ ᠭᠠᠪᠢᠶ᠎ᠠ ᠲᠡᠶ ᠨᠥᠭᠦᠤᠨ ᠲᠤ ᠥᠭᠡᠷ᠎ᠡ ᠰᠤᠶᠤᠷᠬᠠᠯ ᠥᠭ᠍ᠰᠤ》 ᠭᠡᠵᠤ᠂ ᠪᠣᠭᠤᠷᠴᠤ᠂ ᠮᠤᠬᠤᠯᠠᠢ ᠳᠡᠷᠢᠭᠦᠳᠡᠨ ᠨᠤᠶᠠᠤᠨ ᠢ ᠢᠷᠡᠳᠦᠭᠡᠢ ᠭᠡᠭᠦ ᠳᠤ᠂ ᠭᠡᠷ ᠳᠤᠳᠤᠷ᠎ᠠ ᠰᠢᠭᠢᠬᠤᠳᠤᠭ ᠪᠠᠢ᠌ᠵᠠᠢ᠃ 《ᠣᠷᠢᠷᠠ ᠣᠤᠨ》 ᠭᠡᠵᠤ ᠥᠭᠦᠯᠡᠪᠠᠯ᠂ ᠰᠢᠭᠢᠬᠤᠳᠤᠭ ᠥᠭᠦᠯᠡᠷᠤᠨ᠄ 《ᠪᠣᠭᠤᠷᠴᠤ᠂ ᠮᠤᠬᠤᠯᠠᠢ ᠳᠠᠳᠠ ᠭᠡᠨ ᠡᠴᠠ ᠢᠯᠡᠭᠦᠤ ᠳᠤᠰᠠ ᠭᠢᠯᠦᠭᠡ︖ ᠭᠡᠨ ᠡᠴᠠ ᠢᠯᠡᠭᠦᠤ ᠭᠦᠴᠤ ᠥᠭ᠍ᠪᠡ︖ ᠭᠡᠷᠪᠡ ᠰᠤᠶᠤᠷᠬᠠᠯ ᠦᠭᠭᠦ ᠭᠡᠪᠠᠯ ᠮᠢᠨᠤ ᠳᠤᠰᠠ ᠭᠡᠨ ᠤ ᠭᠢ ᠡᠴᠠ ᠳᠤᠳᠠᠭᠤ ᠪᠣᠯᠪᠠ︖ ᠮᠢᠨᠤ ᠡᠷᠭᠦᠭ᠍ᠰᠡᠨ ᠭᠦᠴᠤ ᠭᠡᠨ ᠤ ᠭᠢ ᠡᠴᠠ ᠳᠤᠳᠠᠭᠤ ᠪᠣᠯᠪᠠ︖
ᠥᠯᠦᠭᠡᠢ ᠲᠡᠶ ᠪᠠᠢ᠌ᠬᠤ ᠡᠴᠠ
ᠦᠨᠳᠦᠷ ᠪᠣᠱᠤᠭ᠎ᠠ ᠳᠤ ᠴᠢᠨᠢ
ᠡᠷᠡᠤ ᠳᠤ ᠡᠳᠦᠢ ᠰᠠᠬᠠᠯ ᠣᠷᠭᠤᠳᠠᠯ᠎ᠠ ᠦᠰᠴᠦ
ᠥᠭᠡᠷ᠎ᠡ ᠶᠢ ᠡᠰᠡ ᠰᠠᠤᠠᠭᠢᠪᠠ ᠊ᠶ᠎ᠠ ᠪᠢ᠃
ᠠᠯᠠᠨ ᠳᠤ ᠰᠢᠭᠡᠭ᠍ᠳᠤ ᠡᠴᠠ
ᠠᠯᠳᠠᠨ ᠪᠣᠱᠤᠭ᠎ᠠ ᠳᠤ ᠴᠢᠨᠢ ᠠᠵᠤ
ᠠᠮᠠᠨ ᠳᠤ ᠰᠠᠬᠠᠯ ᠡᠳᠦᠢ ᠣᠷᠭᠤᠳᠠᠯ᠎ᠠ ᠦᠰᠴᠦ
ᠠᠯᠵᠢᠶᠠᠰ ᠡᠰᠡ ᠭᠡᠰᠭᠢᠪᠡ ᠊ᠶ᠎ᠠ ᠪᠢ᠃
ᠭᠦᠯ ᠳᠡᠭᠡᠨ ᠭᠡᠪᠳᠡᠭᠦᠯᠵᠤ
ᠭᠦᠪᠠᠭᠦᠴᠢᠯᠡᠨ ᠥᠰᠭᠡᠪᠡ ᠊ᠶ᠎ᠠ ᠨᠠᠮ᠎ᠠ ᠵᠢ
ᠳᠡᠷᠭᠡᠳᠡ ᠪᠠᠨ ᠭᠡᠪᠳᠡᠭᠦᠯᠵᠤ
ᠳᠡᠭᠦᠦᠴᠢᠯᠡᠨ ᠥᠰᠭᠡᠪᠡ ᠨᠠᠮ᠎ᠠ ᠵᠢ
ᠡᠳᠦᠭᠡ ᠶᠠᠮᠠᠷ ᠰᠤᠶᠤᠷᠬᠠᠯ ᠦᠭᠭᠦᠮᠤ︖》 ᠭᠡᠪᠡ᠃
ᠳᠠᠷᠠ ᠥᠭᠡᠨ ᠳᠤ ᠴᠢᠩᠭᠢᠰ ᠬᠠᠭᠠᠨ᠂ ᠰᠢᠭᠢᠬᠤᠳᠤᠭ ᠲᠤ ᠥᠭᠦᠯᠡᠷᠤᠨ᠄ 《ᠵᠢᠷᠭᠤᠳᠤᠭᠠᠷ ᠳᠡᠭᠦᠤ ᠪᠣᠰᠤ ᠦᠦ︖ ᠡᠷᠭᠦᠮᠡᠯ ᠳᠡᠭᠦᠤ ᠴᠢᠮ᠎ᠠ ᠳᠤ ᠳᠡᠭᠦᠤ ᠨᠡᠷ ᠤᠨ ᠬᠤᠪᠢ ᠪᠠᠷ ᠦᠮᠴᠢ ᠬᠤᠪᠢᠶᠠᠵᠤ ᠥᠭ᠍ᠰᠤ᠃ ᠪᠠᠰᠠ ᠠᠴᠢ ᠳᠤᠰᠠ ᠶᠢ ᠴᠢᠨᠢ ᠪᠣᠳᠤᠵᠤ᠂ ᠶᠢᠰᠤᠨ ᠣᠳᠠᠭ᠎ᠠ ᠶᠠᠯ᠎ᠠ ᠭᠢᠪᠠᠴᠤ ᠪᠣᠤ ᠶᠠᠯᠠᠳᠠᠶᠠ》 ᠭᠡᠵᠤ ᠵᠠᠷᠯᠢᠭ ᠪᠣᠯᠪᠠ᠃ ᠪᠠᠰᠠ ᠵᠠᠷᠯᠢᠭ ᠪᠣᠯᠤᠷᠤᠨ᠄ 《ᠮᠥᠩᠭᠡ ᠳᠡᠭ᠍ᠷᠢ ᠳᠤ ᠢᠪᠠᠭᠡᠭ᠍ᠳᠡᠵᠤ᠂ ᠭᠦᠷ ᠣᠯᠤᠰ ᠢᠷᠭᠡᠨ ᠢ ᠵᠥᠭᠯᠡᠭᠦᠯᠵᠤ ᠪᠠᠢ᠌ᠬᠤ ᠳᠤ ᠴᠢ ᠥᠵᠡᠭᠦ ᠶᠢᠨ ᠨᠢᠳᠤ᠂ ᠰᠤᠨᠤᠰᠬᠤ ᠶᠢᠨ ᠴᠢᠭᠢ ᠪᠣᠯᠵᠤ ᠶᠠᠪᠣ᠃ ᠭᠦᠷ ᠣᠯᠤᠰ ᠢᠷᠭᠡᠨ ᠢ ᠡᠭᠡ᠂ ᠳᠡᠭᠦᠤ ᠨᠡᠷ ᠭᠢᠭᠡᠤᠨ ᠭᠦᠪᠠᠭᠦᠤᠨ ᠲᠤ᠂ ᠢᠰᠡᠭᠡᠢ ᠳᠤᠭᠤᠷᠭᠠᠳᠠᠨ ᠢ ᠢᠯᠭᠠᠵᠤ᠂ ᠬᠠᠪᠳᠠᠰᠤᠨ ᠡᠭᠦᠳᠡᠳᠡᠨ ᠢ ᠰᠠᠯᠭᠠᠵᠤ᠂ ᠬᠤᠪᠢᠯᠠᠵᠤ ᠥᠭ᠌᠃ ᠭᠡᠨ ᠭᠡᠨ ᠴᠤ ᠴᠢᠨᠤ ᠥᠭᠡ ᠪᠠᠷ ᠪᠣᠯᠳᠤᠭᠠᠢ︕》 ᠭᠡᠵᠤ ᠵᠠᠷᠯᠢᠭ ᠪᠣᠯᠵᠠᠢ᠃ ᠪᠠᠰᠠ ᠰᠢᠭᠢᠬᠤᠳᠤᠭ ᠢ 《ᠭᠦᠷ ᠣᠯᠤᠰ ᠤᠨ ᠳᠤᠳᠤᠷᠠᠭᠢ ᠬᠤᠯᠠᠭᠠᠢ ᠶᠢ ᠴᠡᠭᠡᠷᠯᠡᠭᠦᠯᠵᠤ ᠬᠤᠳᠠᠯ ᠢ ᠮᠤᠬᠤᠭᠠᠵᠤ ᠥᠭᠦᠭᠦᠯᠭᠦ ᠶᠤᠰᠤ ᠲᠡᠶ ᠶᠢ ᠥᠭᠦᠭᠦᠯᠵᠤ᠂ ᠶᠠᠯᠠᠯᠠᠬᠤ ᠶᠤᠰᠤ ᠲᠡᠶ ᠶᠢ ᠶᠠᠯᠠᠯᠠᠳᠤᠭᠠᠢ》 ᠭᠡᠵᠤ ᠭᠦᠷ ᠣᠯᠤᠰ ᠤᠨ ᠳᠡᠭᠡᠳᠤ ᠰᠢᠭᠦᠭ᠍ᠴᠢ ᠲᠦᠰᠢᠪᠠ᠃
ᠪᠠᠰᠠ ᠥᠭᠦᠯᠡᠷᠤᠨ᠄ 《ᠭᠦᠷ ᠢᠷᠭᠡᠨ ᠤ ᠬᠤᠪᠢ ᠬᠤᠪᠢᠯᠠᠭᠰᠠᠨ ᠭᠢᠭᠡᠤᠨ ᠵᠠᠷᠭᠤ ᠵᠠᠷᠭᠤᠯᠠᠭᠰᠠᠨ ᠢ ᠭᠦᠭᠡ ᠳᠠᠪᠳᠠᠷ ᠲᠤ ᠪᠢᠴᠢᠵᠤ ᠳᠡᠪᠳᠡᠷᠯᠡᠭ᠍ᠳᠤᠨ᠃ ᠨᠠᠳᠠ ᠲᠡᠶ ᠵᠦᠪᠯᠠᠵᠤ ᠳᠤᠭᠳᠠᠭᠠᠤᠨ ᠭᠦᠭᠡ ᠪᠢᠴᠢᠭ᠌ ᠢ ᠴᠠᠭᠠᠨ ᠴᠠᠭᠠᠰᠤᠨ ᠳᠤ ᠳᠡᠪᠳᠡᠷᠯᠡᠭ᠍ᠰᠡᠨ ᠢ ᠣᠷᠤᠭ ᠤᠨ ᠣᠷᠤᠭ ᠲᠤ ᠭᠦᠷᠳᠡᠯ᠎ᠡ ᠪᠣᠤ ᠥᠭᠡᠷᠡᠴᠢᠯᠡᠳᠦᠭᠡᠢ︕ ᠥᠭᠡᠷᠡᠴᠢᠯᠡᠭ᠍ᠰᠡᠨ ᠠᠷᠠᠨ ᠢ ᠶᠠᠯᠠᠯᠠᠨ ᠰᠢᠦᠡᠭᠡᠳᠦᠭᠡᠢ》 ᠭᠡᠵᠤ ᠵᠠᠷᠯᠢᠭ ᠪᠣᠯᠪᠠ᠃
ᠰᠢᠭᠢᠬᠤᠳᠤᠭ᠄ 《ᠮᠢᠨᠤ ᠮᠠᠳᠤ ᠡᠷᠭᠦᠮᠡᠯ ᠣᠤᠠᠬᠠᠨ ᠳᠡᠭᠦᠤ᠂ ᠣᠯᠠᠨ ᠠᠬ᠎ᠠ ᠳᠡᠭᠦᠤ ᠨᠡᠷ ᠲᠡᠶ ᠰᠠᠴᠠᠭᠤ ᠳᠠᠩᠴᠠᠨ ᠬᠤᠪᠢ ᠭᠡᠷᠭᠢᠨ ᠠᠪᠬᠤ ᠪᠢᠯᠠ︖ ᠬᠠᠭᠠᠨ ᠭᠡᠷᠪᠡ ᠰᠤᠶᠤᠷᠬᠠᠪᠠᠯ᠂ ᠰᠢᠪᠠᠷ ᠪᠠᠢ᠌ᠰᠢᠩ ᠲᠡᠶ ᠪᠠᠯᠭᠠᠰᠤ ᠡᠴᠠ ᠦᠭᠭᠦ ᠶᠢ ᠬᠠᠭᠠᠨ ᠤ ᠰᠤᠶᠤᠷᠬᠠᠯ ᠮᠡᠳᠡᠳᠦᠭᠡᠢ》 ᠭᠡᠵᠤ ᠦᠴᠢᠪᠠ᠃ ᠡᠨᠡ ᠥᠭᠡᠨ ᠳᠤ ᠬᠠᠭᠠᠨ᠄ 《ᠴᠢ ᠡᠨᠡ ᠭᠡᠷᠡᠭ᠌ ᠢ ᠮᠠᠳᠠᠪᠠ᠂ ᠪᠣᠳᠤᠨ ᠪᠠᠢ᠌ᠵᠤ ᠠᠪᠣᠭᠳᠤᠨ》 ᠭᠡᠪᠡ᠃
ᠰᠢᠭᠢᠬᠤᠳᠤᠭ ᠦᠪᠡᠷ ᠢ ᠪᠠᠨ ᠰᠤᠶᠤᠷᠬᠠᠭᠤᠯᠤᠨ ᠪᠠᠷᠠᠵᠤ᠂ ᠭᠠᠷᠴᠤ ᠪᠣᠭᠤᠷᠴᠤ᠂ ᠮᠤᠬᠤᠯᠠᠢ ᠳᠡᠷᠢᠭᠦᠳᠡᠨ ᠨᠤᠶᠠᠤᠨ ᠢ ᠣᠷᠢᠵᠤ ᠣᠷᠤᠭᠤᠯᠵᠠᠢ᠃
1215 ᠣᠨ ᠳᠤ ᠴᠢᠩᠭᠢᠰ ᠬᠠᠭᠠᠨ ᠡᠴᠠ ᠠᠯᠳᠠᠨ ᠣᠯᠤᠰ ᠤᠨ ᠵᠦᠩᠳᠤ ᠬᠤᠳᠠ ᠶᠢ ᠡᠵᠡᠯᠡᠵᠤ᠂ ᠰᠢᠭᠢᠬᠤᠳᠤᠭ᠂ ᠠᠷᠬᠠᠢ ᠬᠠᠰᠠᠷ᠂ ᠥᠩᠭᠦᠷ ᠪᠠᠭᠤᠷᠴᠢ ᠶᠢ ᠵᠦᠩᠳᠤ ᠬᠤᠳᠠ ᠶᠢᠨ ᠠᠯᠳᠠ᠂ ᠮᠦᠩᠭᠦ᠂ ᠡᠳ᠋ ᠠᠭᠤᠷᠠᠰᠤ ᠶᠠᠭᠤᠮ᠎ᠠ ᠭᠡᠦᠮ᠎ᠡ ᠶᠢ ᠳᠤᠭᠠᠯᠠᠭᠤᠯᠬᠤ ᠪᠠᠷ ᠳᠤᠮᠢᠯᠠᠨ ᠢᠯᠡᠭᠡᠪᠡ᠃ ᠰᠢᠭᠢᠬᠤᠳᠤᠭ ᠭᠡᠷᠡᠭ᠌ ᠣᠴᠢᠷ ᠢ ᠰᠠᠢ᠌ᠠᠭᠨ ᠰᠢ᠌ᠤᠠᠪᠣᠷᠢᠯᠠᠵᠤ᠂ ᠴᠢᠩᠭᠢᠰ ᠬᠠᠭᠠᠨ ᠡᠴᠠ 《ᠶᠡᠭᠡ ᠶᠤᠰᠤ ᠶᠢ ᠰᠠᠤᠠᠭᠢᠵᠤ ᠴᠢ》 ᠭᠡᠵᠤ ᠮᠠᠰᠢ ᠶᠡᠭᠡ ᠪᠠᠷ ᠰᠤᠶᠤᠷᠬᠠᠵᠠᠢ᠃ ᠥᠩᠭᠦᠷ᠂ ᠠᠷᠬᠠᠢ ᠬᠠᠰᠠᠷ ᠬᠤᠶᠠᠷ ᠡᠴᠠ ᠵᠦᠩᠳᠤ ᠬᠤᠳᠠ ᠶᠢᠨ ᠬᠠᠳᠠ ᠶᠢᠨ ᠡᠷᠭᠦᠭ᠍ᠰᠡᠨ ᠡᠳ᠋ ᠠᠭᠤᠷᠠᠰᠤ ᠶᠢ ᠠᠪᠣᠭᠠᠤᠨ᠂ ᠴᠢᠩᠭᠢᠰ ᠬᠠᠭᠠᠨ ᠳᠤ ᠴᠢᠩᠭ᠎ᠠ ᠳᠤᠩᠭ᠋ᠤᠳᠤᠭᠳᠠᠵᠠᠢ᠃ ᠮᠦᠨ ᠳᠤᠰ ᠣᠳᠠᠭ᠎ᠠ ᠳᠤ ᠰᠢᠭᠢᠬᠤᠳᠤᠭ ᠵᠦᠩᠳᠤ ᠬᠤᠳᠠ ᠶᠢᠨ ᠴᠢᠳᠠᠪᠣᠷᠢᠳᠠᠨ ᠭᠦᠸᠧ ᠪᠣᠤ ᠢᠤᠢ ᠪᠣᠯᠤᠨ ᠶᠸᠯᠤᠢ ᠴᠦᠰᠠᠢ ᠶᠢ ᠣᠯᠵᠤ ᠴᠢᠩᠭᠢᠰ ᠬᠠᠭᠠᠨ ᠳᠤ ᠠᠭᠤᠯᠵᠠᠭᠤᠯᠵᠠᠢ᠃
ᠰᠢᠭᠢᠬᠤᠳᠤᠭ ᠶᠡᠭᠡ ᠵᠠᠷᠭᠤᠴᠢ ᠪᠣᠯᠤᠭᠰᠠᠨ ᠤ ᠳᠠᠷᠠᠭ᠎ᠠ᠂ ᠲᠦᠪ ᠭᠤᠤᠯᠴᠢ ᠪᠠᠷ ᠭᠡᠷᠡᠭ᠌ ᠰᠢᠦᠡᠭᠡᠵᠤ᠂ ᠰᠡᠭᠦᠯᠡᠷᠭᠢ ᠮᠤᠩᠭ᠋ᠤᠯ ᠵᠠᠷᠭᠤᠴᠢ ᠨᠤᠶᠠᠨ ᠤ ᠭᠡᠷᠡᠭ᠌ ᠰᠢᠦᠡᠭᠡᠭᠦ ᠰᠠᠭᠤᠷᠢ ᠶᠢ ᠳᠠᠯᠪᠢᠵᠤ ᠦᠭᠭᠦᠭ᠍ᠰᠡᠨ ᠪᠠᠢ᠌ᠳᠠᠭ᠃ ᠳᠠᠷᠤᠢ 《ᠴᠢᠩᠭᠢᠰ ᠬᠠᠭᠠᠨ ᠤ ᠶᠡᠭᠡ ᠵᠠᠰᠠᠭ》 ᠢ ᠭᠦᠭᠡ ᠳᠠᠪᠳᠠᠷ ᠲᠤ ᠳᠡᠮᠳᠡᠭᠯᠡᠨ ᠳᠠᠪᠳᠠᠷᠯᠠᠵᠠᠢ᠃ ᠭᠡᠳᠥᠢᠪᠠᠷ 《ᠶᠡᠭᠡ ᠵᠠᠰᠠᠭ》 1206 ᠣᠨ ᠡᠴᠠ ᠡᠮᠤᠨ᠎ᠡ ᠪᠠᠢ᠌ᠭᠰᠠᠨ ᠪᠣᠯᠪᠠᠴᠤ᠂ ᠵᠢᠩᠭᠢᠨᠢ ᠪᠠᠷ ᠳᠡᠮᠳᠡᠭᠯᠡᠨ ᠥᠯᠡᠳᠡᠭᠡᠭᠦ ᠨᠢ ᠰᠢᠭᠢᠬᠤᠳᠤᠭ ᠡᠴᠡ ᠡᠭᠢᠯᠡᠭ᠍ᠰᠡᠨ ᠭᠡᠵᠤ ᠭᠡᠯᠡᠵᠤ ᠪᠣᠯᠤᠨ᠎ᠠ᠃ ᠡᠨᠡ ᠨᠢ ᠮᠤᠩᠭ᠋ᠤᠯ ᠦᠨᠳᠦᠰᠦᠳᠠᠨ ᠤ ᠬᠠᠮᠤᠭ ᠠᠩᠬᠠᠨ ᠤ ᠥᠰᠦᠭ᠌ ᠪᠢᠴᠢᠭ᠌ ᠤᠨ ᠳᠠᠪᠳᠠᠷ ᠪᠣᠯᠬᠤ ᠪᠠᠷ ᠪᠠᠷᠠᠬᠤ ᠦᠭᠡᠶ ᠮᠤᠩᠭ᠋ᠤᠯ ᠤᠨ ᠨᠡᠢ᠌ᠭᠡᠮ ᠤᠨ ᠬᠠᠮᠤᠭ ᠠᠩᠬᠠᠨ ᠤ ᠬᠠᠤᠯᠢ ᠳᠦᠷᠢᠮ ᠤᠨ ᠨᠤᠮ ᠪᠣᠯᠬᠤ ᠶᠤᠮ᠃ ᠣᠳᠤ ᠭᠡᠳᠥᠢᠪᠠᠷ ᠭᠡᠭᠡᠭ᠍ᠳᠡᠵᠤ ᠪᠣᠳᠠᠳᠠᠢ ᠪᠦᠷᠢᠨ ᠠᠭᠤᠯᠭ᠎ᠠ ᠶᠢ ᠮᠠᠳᠠᠵᠤ ᠳᠡᠢ᠌ᠯᠭᠦ ᠦᠭᠡᠶ ᠭᠡᠰᠡᠨ ᠴᠤ ᠪᠣᠰᠤᠳ ᠰᠤᠷᠪᠣᠯᠵᠢᠰ ᠡᠴᠠ ᠠᠭᠤᠯᠭ᠎ᠠ ᠶᠢ ᠣᠢ᠌ᠯᠠᠭᠠᠵᠤ ᠪᠣᠯᠤᠨ᠎ᠠ᠃
ᠰᠢᠭᠢᠬᠤᠳᠤᠭ ᠰᠢᠯᠭᠠᠷᠠᠭᠰᠠᠨ ᠣᠯᠤᠰ ᠲᠦᠷᠦᠴᠢᠨ ᠪᠠᠷ ᠵᠤᠭᠰᠤᠬᠤ ᠦᠭᠡᠶ ᠮᠦᠨ ᠴᠤ ᠰᠢᠯᠢᠳᠡᠭ᠌ ᠴᠡᠷᠢᠭ᠌ ᠤᠨ ᠵᠢᠯᠤᠭᠤᠳᠤᠭᠴᠢ ᠪᠠᠢ᠌ᠨ᠎ᠠ᠃ 1219 ᠣᠨ ᠳᠤ ᠴᠢᠩᠭᠢᠰ ᠬᠠᠭᠠᠨ ᠤ ᠪᠠᠷᠠᠭᠤᠠᠰᠢ ᠳᠠᠢ᠌ᠯᠠᠬᠤ ᠳᠤ ᠡᠮᠦᠨᠡᠳᠤ ᠴᠡᠷᠢᠭ᠌ ᠤᠨ ᠵᠠᠩᠵᠤᠨ ᠪᠠᠢ᠌ᠭᠰᠠᠨ᠃ ᠥᠭᠡᠳᠡᠢ ᠬᠠᠭᠠᠨ ᠤ ᠦᠶ᠎ᠡ ᠳᠤ᠂ 1232 ᠣᠨ ᠳᠤ ᠠᠯᠳᠠᠨ ᠣᠯᠤᠰ ᠢ ᠳᠠᠢ᠌ᠯᠠᠬᠤ ᠳᠤ᠂ ᠳᠠᠷᠠ ᠪᠠᠷ ᠴᠡᠷᠢᠭ᠌ ᠳᠠᠭᠠᠭᠤᠯᠤᠨ ᠠᠯᠳᠠᠨ ᠣᠯᠤᠰ ᠤᠨ ᠡᠮᠦᠨᠡᠳᠤ ᠨᠠᠢ᠌ᠰᠯᠠᠯ ᠣᠳᠤ ᠶᠢᠨ ᠡᡁᠸᠨᠡᠨ ᠮᠤᠵᠢ ᠶᠢᠨ ᠺᠠᠢ᠌ᠹᠧᠩ ᠬᠤᠳᠠ ᠢ ᠳᠠᠭᠠᠷᠢᠵᠤ᠂ ᠳᠤᠰ ᠵᠢᠯ ᠳᠤ ᠮᠦᠨ ᠳᠤᠯᠤᠢ ᠲᠡᠶ ᠬᠠᠮᠳᠤ ᠳᠦᠩᠭᠤᠸᠡᠨ ᠪᠣᠭᠤᠮᠳᠠ ᠶᠢ ᠪᠦᠰᠡᠯᠡᠨ ᠴᠤᠭᠢᠵᠠᠢ᠃ ᠠᠯᠳᠠᠨ ᠣᠯᠤᠰ ᠢ ᠢᠯᠠᠭᠰᠠᠨ ᠤ ᠳᠠᠷᠠᠭ᠎ᠠ᠂ ᠥᠭᠡᠳᠡᠢ ᠬᠠᠭᠠᠨ ᠤ ᠵᠠᠷᠯᠢᠭ ᠪᠠᠷ ᠡᠮᠦᠨᠡᠳᠤ ᠰᠦᠩ ᠣᠯᠤᠰ ᠢ ᠪᠠᠢ᠌ᠯᠳᠤᠨ ᠳᠠᠭᠠᠷᠢᠵᠠᠢ᠃ ᠥᠭᠡᠳᠡᠢ ᠬᠠᠭᠠᠨ ᠠᠯᠳᠠᠨ ᠣᠯᠤᠰ ᠢ ᠢᠯᠠᠭᠰᠠᠨ ᠤ ᠳᠠᠷᠠᠭ᠎ᠠ ᠪᠠᠷ ᠰᠢᠭᠢᠬᠤᠳᠤᠭ ᠢ ᠳᠤᠮᠳᠠᠳᠤ ᠣᠷᠤᠨ ᠢ ᠬᠠᠮᠢᠶᠠᠷᠤᠭᠤᠯᠬᠤ ᠬᠠᠮᠤᠭ ᠶᠡᠭᠡ ᠵᠠᠷᠭᠤᠴᠢ ᠲᠦᠰᠢᠮᠠᠯ ᠶᠢᠡᠷ ᠳᠤᠮᠢᠯᠠᠨ ᠭᠢᠳᠠᠤᠨ ᠣᠷᠤᠨ ᠢ ᠬᠠᠮᠢᠶᠠᠷᠤᠭᠤᠯᠵᠤ ᠪᠠᠢ᠌ᠵᠠᠢ᠃ ᠭᠢᠳᠠᠤᠨ ᠭᠦᠮᠦᠰ ᠡᠴᠠ ᠳᠡᠭᠦᠨ ᠢ ᠬᠤ᠋ ᠴᠸᠩᠰᠢᠶᠠᠩ ᠭᠡᠮᠡᠳᠡᠭ᠌᠃ ᠳᠠᠷᠠ ᠪᠠᠷ ᠳᠤᠮᠳᠠᠳᠤ ᠣᠷᠤᠨ ᠤ ᠡᠷᠦᠭᠡ ᠠᠮᠠ ᠶᠢ ᠨᠢᠭᠡ ᠵᠠᠭᠤᠨ ᠠᠷᠪᠠ ᠭᠠᠷᠤᠢ ᠲᠦᠮᠡᠨ ᠡᠷᠦᠭᠡ ᠳᠠᠩᠰᠠᠯᠠᠵᠤ ᠲᠦᠷᠦᠯ ᠤᠨ ᠸᠠᠩ᠂ ᠣᠭᠰᠠᠭ᠎ᠠ ᠲᠦᠷᠦᠯ᠂ ᠭᠠᠪᠢᠶᠠᠳᠤ ᠲᠦᠰᠢᠮᠠᠤᠨ ᠲᠤ ᠬᠤᠪᠢᠶᠠᠨ ᠰᠤᠶᠤᠷᠬᠠᠭᠤᠯᠵᠤ ᠪᠠᠢ᠌ᠵᠠᠢ᠃ 《ᠰᠤᠳᠤᠷ ᠤᠨ ᠴᠢᠭᠤᠯᠭᠠᠨ》 ᠤ ᠳᠡᠮᠳᠡᠭᠯᠡᠯ ᠶᠢᠡᠷ ᠪᠣᠯ ᠠᠷᠢᠭᠪᠤᠬ᠎ᠠ ᠶᠢᠨ ᠥᠢᠮᠡᠭᠡᠨ ᠤ ᠦᠶ᠎ᠡ ᠳᠠᠷᠤᠢ ᠵᠦᠩ ᠲᠦᠩ ᠤᠨ ᠵᠢᠯ ᠤᠳ ᠲᠤ ᠨᠠᠰᠤ ᠪᠠᠷᠠᠭᠰᠠᠨ ᠮᠡᠳᠡᠭᠡ ᠲᠡᠶ᠃
ᠪᠣᠷᠤᠬᠤᠯ ᠊᠊᠊᠊᠊᠊᠊᠊᠊᠊᠊᠊᠊᠊᠊ ︖ ᠊᠊᠊᠊᠊᠊᠊᠊᠊᠊᠊᠊᠊᠊᠊ 1217 ᠴᠢᠩᠭᠢᠰ ᠬᠠᠭᠠᠨ ᠤ ᠳᠦᠷᠪᠡᠨ ᠭᠦᠯᠦᠭ᠌ ᠤᠨ ᠨᠢᠭᠡ ᠨᠢ ᠪᠣᠯᠤᠨ᠎ᠠ᠃ ᠳᠦᠷᠦᠭ᠍ᠰᠡᠨ ᠣᠨ ᠵᠢᠯ ᠨᠢ ᠳᠤᠳᠤᠷᠬᠠᠢ ᠦᠭᠡᠶ᠃ ᠵᠦᠷᠭᠢᠨ ᠠᠢ᠌ᠮᠠᠭ ᠤᠨ ᠭᠦᠮᠤᠨ᠃ 1197 ᠣᠨ ᠳᠤ ᠵᠦᠷᠭᠢᠨ ᠠᠢ᠌ᠮᠠᠭ ᠢᠯᠠᠭᠳᠠᠭᠰᠠᠨ ᠤ ᠰᠡᠭᠦᠯᠡᠷ᠂ ᠥᠭᠡᠯᠤᠨ ᠡᠭᠡ ᠦᠷᠠᠴᠢᠯᠠᠨ ᠳᠡᠵᠢᠭᠡᠵᠡᠢ᠃ ᠬᠠᠷᠠᠬᠠᠨ ᠪᠠᠭ᠎ᠠ ᠡᠴᠠ ᠴᠢᠩᠭᠢᠰ ᠬᠠᠭᠠᠨ ᠤ ᠨᠥᠭᠦᠷ ᠪᠣᠯᠵᠤ᠂ ᠮᠤᠩᠭ᠋ᠤᠯ ᠢ ᠨᠢᠭᠡᠳᠭᠡᠭᠦ ᠶᠡᠭᠡ ᠣᠢ᠌ᠯᠠᠰ ᠲᠤ ᠵᠢᠦᠡᠭᠦᠵᠡᠢ᠃ 1203 ᠣᠨ ᠳᠤ ᠪᠣᠯᠤᠭᠰᠠᠨ ᠴᠢᠩᠭᠢᠰ ᠬᠠᠭᠠᠨ ᠪᠣᠯᠤᠨ ᠭᠡᠷᠡᠢ᠌ᠤᠨ ᠤᠨ ᠸᠠᠩ ᠬᠠᠨ ᠳᠤᠭᠤᠷᠢᠯ ᠤᠨ ᠬᠤᠭᠤᠷᠤᠠᠳᠤᠭᠢ ᠬᠠᠯᠠ ᠬᠠᠯᠵᠢᠳ ᠤᠨ ᠳᠠᠢ᠌ᠨ ᠳᠤ ᠥᠭᠡᠳᠡᠢ ᠭᠦᠡᠳᠤ ᠰᠢᠷᠬᠠᠳᠤᠵᠤ᠂ ᠪᠣᠷᠤᠬᠤᠯ ᠠᠮᠢ ᠶᠢ ᠨᠢ ᠠᠪᠣᠷᠠᠭᠰᠠᠨ ᠪᠠᠢ᠌ᠨ᠎ᠠ᠃ 1206 ᠣᠨ ᠳᠤ ᠴᠢᠩᠭᠢᠰ ᠬᠠᠭᠠᠨ ᠭᠠᠪᠢᠶᠠᠳᠤ ᠰᠠᠢ᠌ᠳ ᠶᠢᠡᠷ ᠱᠠᠩᠨᠠᠵᠤ᠂ ᠮᠢᠩᠭ᠋ᠠᠨ ᠤ ᠨᠤᠶᠠᠨ ᠪᠣᠯᠭᠠᠵᠤ᠂ ᠪᠠᠷᠠᠭᠤᠨ ᠭᠠᠷ ᠤᠨ ᠳᠠᠳ᠋ ᠶᠡᠷᠦᠩᠭᠡᠢ ᠵᠠᠭᠢᠷᠤᠭᠴᠢ ᠪᠣᠯᠭᠠᠪᠠ᠃ 1217 ᠣᠨ ᠳᠤ ᠪᠣᠷᠤᠬᠤᠯ ᠴᠢᠩᠭᠢᠰ ᠬᠠᠭᠠᠨ ᠤ ᠵᠠᠷᠯᠢᠭ ᠶᠢᠡᠷ ᠬᠤᠷᠢ ᠲᠦᠮᠡᠤᠨ ᠤᠨ ᠪᠣᠰᠤᠯᠭ᠎ᠠ ᠶᠢ ᠳᠠᠷᠤᠩᠭ᠋ᠣᠢ᠌ᠯᠠᠬᠤ ᠪᠠᠷ ᠮᠤᠷᠳᠠᠭᠠᠤᠨ᠂ ᠪᠦᠭᠬᠦᠯᠳᠡ ᠳᠤ ᠣᠴᠠᠷᠠᠵᠤ ᠨᠠᠰᠤ ᠨᠥᠭ᠍ᠴᠢᠪᠡ᠃
ᠴᠢᠩᠭᠢᠰ ᠬᠠᠭᠠᠨ ᠡᠴᠠ ᠶᠡᠭᠡ ᠮᠤᠩᠭ᠋ᠤᠯ ᠣᠯᠤᠰ ᠢ ᠪᠠᠢ᠌ᠭᠤᠯᠤᠭᠰᠠᠨ ᠶᠡᠭᠡ ᠬᠤᠷᠠᠯᠳᠠᠢ ᠪᠠᠷ ᠪᠣᠷᠤᠬᠤᠯ ᠢ ᠡᠷᠭᠦᠮᠵᠢᠯᠡᠭ᠍ᠰᠡᠨ ᠪᠠᠢ᠌ᠳᠠᠭ᠃ 《ᠮᠤᠩᠭ᠋ᠤᠯ ᠤᠨ ᠨᠢᠭᠤᠴᠠ ᠳᠤᠪᠴᠢᠶᠠᠨ》 ᠤ 214 ᠵᠣᠢ᠌ᠯ ᠳᠤ 《ᠴᠢᠩᠭᠢᠰ ᠬᠠᠭᠠᠨ ᠪᠠᠰᠠ ᠪᠣᠷᠤᠬᠤᠯ ᠳᠤ ᠥᠭᠦᠯᠡᠷᠤᠨ᠄ 〈ᠮᠢᠨᠤ ᠡᠭᠡ᠂ ᠰᠢᠭᠢᠬᠤᠳᠤᠭ᠂ ᠪᠣᠷᠤᠬᠤᠯ᠂ ᠭᠦᠴᠤ᠂ ᠭᠦᠭᠦᠴᠤ ᠳᠠ ᠳᠦᠷᠪᠡ ᠶᠢ ᠢᠷᠭᠡᠨ ᠤ ᠨᠤᠳᠤᠭ᠂ ᠡᠵᠡᠭᠦᠢ ᠭᠠᠵᠠᠷ ᠡᠴᠠ ᠣᠯᠵᠤ ᠠᠪᠣᠪᠠ᠃ ᠳᠠ ᠨᠡᠷ ᠢ ᠭᠦᠯ ᠳᠡᠭᠡᠨ ᠲᠦᠷᠦᠵᠤ᠂ ᠭᠦᠪᠠᠭᠦᠴᠢᠯᠡᠨ ᠠᠰᠠᠷᠠᠵᠤ ᠳᠡᠵᠢᠭᠡᠷᠤᠨ᠄
ᠳᠠ ᠨᠡᠷ ᠤᠨ ᠭᠦᠵᠦᠭᠦᠤ ᠡᠴᠠ ᠳᠠᠳᠠᠵᠤ᠂
ᠭᠦᠮᠤᠨ ᠲᠡᠶ ᠰᠠᠴᠠᠭᠤ ᠪᠣᠯᠭᠠᠵᠠᠢ᠃
ᠳᠠ ᠨᠡᠷ ᠢ ᠡᠭᠡᠮ ᠡᠴᠠ ᠳᠠᠳᠠᠵᠤ᠂
ᠡᠷ᠎ᠡ ᠲᠡᠶ ᠰᠠᠴᠠᠭᠤ ᠪᠣᠯᠭᠠᠪᠠ᠃
ᠭᠦᠪᠠᠭᠦᠤᠨ ᠳᠠ ᠨᠡᠷ ᠶᠢᠡᠨ ᠮᠠᠨ ᠳᠤ᠂ ᠰᠡᠭᠦᠳᠡᠷ ᠮᠠᠳᠤ ᠨᠥᠭᠦᠷ ᠪᠣᠯᠭᠠᠰᠤ ᠭᠡᠵᠤ ᠳᠡᠵᠢᠭᠡᠪᠡ ᠊ᠶ᠎ᠠ᠃ ᠮᠢᠨᠤ ᠡᠭᠡ ᠶᠢᠨ ᠳᠡᠵᠢᠭᠡᠭ᠍ᠰᠡᠨ ᠠᠴᠢ ᠶᠢ ᠳᠠ ᠨᠡᠷ ᠭᠡᠳᠦᠢ ᠶᠢ ᠬᠠᠷᠢᠭᠤᠯᠪᠠ︖ ᠪᠣᠷᠤᠬᠤᠯ ᠨᠠᠳᠤᠷ ᠨᠥᠭᠦᠴᠡᠵᠤ ᠢᠷᠡᠭ᠍ᠰᠡᠨ ᠡᠴᠠ
ᠬᠤᠷᠳᠤᠨ ᠠᠶᠠᠨ ᠳᠠᠢ᠌ᠨ ᠳ᠋ᠤ
ᠬᠤᠷ᠎ᠠ ᠲᠡᠶ ᠰᠦᠨᠢ ᠳ᠋ᠤ
ᠴᠢ ᠨᠠᠮ᠎ᠠ ᠵᠢ
ᠬᠤᠭᠤᠰᠤᠨ ᠬᠤᠨᠤᠭᠤᠯᠤᠭᠰᠠᠨ ᠦᠭᠡᠶ᠃
ᠳᠠᠢ᠌ᠰᠤᠨ ᠲᠡᠶ ᠰᠢᠳᠤᠯᠳᠤᠵᠤ ᠪᠠᠢ᠌ᠬᠤ ᠳ᠋ᠤ
ᠴᠢ ᠨᠠᠮ᠎ᠠ ᠵᠢ
ᠱᠦᠯᠦ ᠦᠭᠡᠶ ᠬᠤᠨᠤᠭᠤᠯᠤᠭᠰᠠᠨ ᠦᠭᠡᠶ᠃ ᠁ ᠁
ᠡᠭᠡ ᠶᠢᠨ ᠮᠢᠨᠢ ᠳᠡᠵᠢᠭᠡᠭ᠍ᠰᠡᠨ ᠤ ᠠᠴᠢ ᠭᠠᠪᠢᠶ᠎ᠠ ᠶᠢ ᠬᠤᠶᠠᠷ ᠭᠦᠪᠠᠭᠦᠤᠨ ᠤᠨ ᠮᠢᠨᠢ ᠠᠮᠢᠨ ᠳᠤ ᠳᠤᠰᠠ ᠪᠣᠯᠵᠤ ᠬᠠᠷᠢᠭᠤᠯᠪᠠ᠃ ᠪᠣᠷᠤᠬᠤᠯ ᠨᠠᠳᠠ ᠳᠤ ᠨᠥᠭᠦᠷᠯᠡᠵᠤ᠂ ᠣᠷᠢᠶᠠᠯᠠᠨ ᠳᠠᠭᠤᠳᠠᠬᠤ ᠳᠠᠭᠤᠨ ᠡᠴᠠ ᠶᠠᠷᠤ ᠬᠤᠵᠢᠮᠳᠠᠭᠰᠠᠨ ᠦᠭᠡᠶ ᠊ᠶ᠎ᠠ᠃ ᠪᠣᠷᠤᠬᠤᠯ ᠶᠢᠰᠤᠨ ᠣᠰᠤᠯ ᠭᠠᠷᠭᠠᠪᠠᠴᠤ ᠪᠣᠤ ᠶᠠᠯᠠᠯᠠᠳᠤᠭᠠᠢ〉 ᠭᠡᠵᠤ ᠵᠠᠷᠯᠢᠭ ᠪᠣᠯᠪᠠ᠃ ᠪᠠᠰᠠ ᠥᠭᠦᠯᠡᠷᠤᠨ᠄ 〈ᠦᠪᠡᠷ ᠤᠨ ᠦᠬᠢᠨ ᠣᠷᠤᠭ ᠶᠢᠡᠨ ᠪᠣᠷᠤᠬᠤᠯ ᠳᠤ ᠰᠤᠶᠤᠷᠬᠠᠨ ᠦᠭᠭᠦᠶ᠎ᠡ〉 ᠭᠡᠪᠡ᠃》
ᠭᠦᠴᠤ ᠊᠊᠊᠊᠊᠊᠊᠊᠊᠊᠊᠊᠊᠊᠊ ᠠᠮᠢᠳᠤᠷᠠᠵᠤ ᠪᠠᠢ᠌ᠭᠰᠠᠨ ᠣᠨ ᠵᠢᠯ ᠤᠨ ᠳᠤᠬᠠᠢ ᠳᠤᠳᠤᠷᠬᠠᠢ ᠳᠡᠮᠳᠡᠭᠯᠡᠯ ᠦᠭᠡᠶ᠃ ᠮᠡᠷᠭᠢᠳ ᠠᠢ᠌ᠮᠠᠭ ᠤᠨ ᠭᠦᠮᠤᠨ᠂ ᠥᠭᠡᠯᠤᠨ ᠡᠭᠡ ᠶᠢᠨ ᠡᠷᠭᠦᠵᠤ ᠳᠡᠵᠢᠭᠡᠭ᠍ᠰᠡᠨ ᠳᠦᠷᠪᠡᠨ ᠭᠦᠪᠠᠭᠦᠨ ᠤ ᠨᠢᠭᠡ ᠪᠣᠯᠤᠨ᠎ᠠ᠃ ᠴᠢᠩᠭᠢᠰ ᠬᠠᠭᠠᠨ ᠪᠦᠷᠳᠡ ᠦᠵᠢᠨ ᠢ ᠠᠪᠣᠷᠠᠨ ᠠᠪᠬᠤ ᠪᠠᠷ ᠸᠠᠩ ᠬᠠᠨ ᠭᠢᠭᠡᠤᠨ ᠵᠠᠮᠤᠬ᠎ᠠ ᠶᠢᠨ ᠭᠦᠴᠤᠨ ᠤ ᠳᠡᠮᠵᠢᠯᠭᠡ ᠳᠤᠤᠷ᠎ᠠ ᠪᠣᠭᠤᠷᠠ ᠭᠡᠭᠡᠷ᠎ᠡ ᠭᠡᠭᠦ ᠭᠠᠵᠠᠷ ᠪᠠᠢ᠌ᠭᠰᠠᠨ ᠳᠤᠭᠳᠤᠭᠠ ᠪᠠᠭᠢ ᠨᠡᠷ ᠤᠨ ᠭᠤᠷᠪᠠᠨ ᠮᠡᠷᠭᠢᠳ ᠢ ᠳᠤᠪᠳᠤᠯᠤᠭᠰᠠᠨ ᠳᠤ ᠳᠡᠳᠡᠭᠡᠷ ᠮᠡᠷᠭᠢᠳ ᠤᠨ ᠭᠢᠨ ᠰᠦᠨᠢ ᠳᠡᠭᠡᠨ ᠳᠦᠷᠪᠡᠵᠤ ᠨᠡᠭᠦᠪᠡ᠃ ᠳᠠᠷᠠ ᠳᠦᠷᠪᠡᠵᠤ ᠨᠡᠭᠦᠭ᠍ᠰᠡᠨ ᠪᠠᠭᠤᠴᠠ ᠳᠡᠭᠡᠷ᠎ᠡ ᠡᠴᠠ ᠨᠢᠭᠡᠨ ᠪᠣᠯᠠᠭᠠᠨ ᠮᠠᠯᠠᠭᠠᠢ ᠲᠡᠶ᠂ ᠪᠣᠭᠤ ᠶᠢᠨ ᠭᠤᠳᠤᠨ ᠭᠤᠳᠤᠯ ᠲᠡᠶ᠂ ᠣᠰᠤᠨ ᠤ ᠪᠣᠯᠠᠭᠠᠨ ᠵᠠᠯᠭᠠᠭᠰᠠᠨ ᠢᠯᠭᠢᠨ ᠬᠤᠷᠮᠤᠢ ᠲᠡᠶ ᠳᠠᠪᠠᠯ ᠲᠡᠶ᠂ ᠳᠠᠪᠤᠨ ᠨᠠᠰᠤᠳᠠᠢ᠂ ᠭᠦᠴᠤ ᠨᠠᠷᠠᠳᠠᠢ᠂ ᠨᠢᠳᠤᠨ ᠳᠡᠭᠡᠨ ᠭᠠᠯ ᠲᠡᠶ ᠭᠦᠪᠠᠭᠦᠨ ᠨᠤᠳᠤᠭ ᠲᠤ ᠬᠤᠴᠤᠷᠤᠭᠰᠠᠨ ᠢ ᠪᠢᠳᠠᠨ ᠤ ᠴᠡᠷᠢᠭ᠌ ᠤᠳ ᠣᠯᠵᠤ ᠠᠪᠣᠭᠠᠤᠨ᠂ ᠥᠭᠡᠯᠤᠨ ᠡᠭᠡ ᠳᠤ ᠰᠠᠤᠬᠠ ᠪᠣᠯᠭᠠᠵᠤ ᠠᠪᠴᠢᠷᠠᠵᠤ ᠥᠭ᠍ᠪᠡ᠃ ᠭᠦᠴᠤ᠂ ᠥᠭᠡᠯᠤᠨ ᠡᠭᠡ ᠶᠢᠨ ᠭᠠᠷ ᠳᠡᠭᠡᠷ᠎ᠡ ᠡᠷᠭᠦᠭ᠍ᠳᠡᠨ ᠦᠰᠴᠦ ᠥᠭᠡᠯᠡᠢ ᠪᠣᠯᠤᠭᠰᠠᠨ ᠤ ᠳᠠᠷᠠᠭ᠎ᠠ᠂ ᠴᠢᠩᠭᠢᠰ ᠬᠠᠭᠠᠨ ᠤ ᠢᠰᠡᠭᠡᠢ ᠳᠤᠭᠤᠷᠭᠠᠳᠠᠨ ᠣᠯᠤᠰ ᠢ ᠨᠢᠭᠡᠳᠭᠡᠵᠤ᠂ ᠶᠡᠭᠡ ᠮᠤᠩᠭ᠋ᠤᠯ ᠤᠨ ᠲᠦᠷᠦ ᠣᠯᠤᠰ ᠪᠠᠢ᠌ᠭᠤᠯᠬᠤ ᠣᠢ᠌ᠯᠠᠰ ᠲᠤ ᠣᠢ᠌ᠯᠠᠴᠢᠯᠠᠵᠤ ᠭᠠᠪᠢᠶ᠎ᠠ ᠪᠦᠳᠦᠭᠡᠭ᠍ᠰᠡᠨ ᠶᠢᠡᠷ ᠴᠢᠩᠭᠢᠰ ᠬᠠᠭᠠᠨ ᠤ ᠶᠡᠭᠡ ᠭᠠᠪᠢᠶᠠᠳᠤ 95 ᠮᠢᠩᠭ᠋ᠠᠨ ᠤ ᠨᠤᠶᠠᠨ ᠤ ᠭᠢᠨ ᠨᠢᠭᠡ ᠪᠠᠷ ᠡᠷᠭᠦᠮᠵᠢᠯᠡᠭ᠍ᠳᠡᠨ ᠳᠤᠮᠢᠯᠠᠭᠳᠠᠵᠠᠢ᠃
ᠭᠦᠭᠦᠴᠤ ᠊᠊᠊᠊᠊᠊᠊᠊᠊᠊᠊᠊᠊᠊᠊ ᠠᠮᠢᠳᠤᠷᠠᠵᠤ ᠪᠠᠢ᠌ᠭᠰᠠᠨ ᠣᠨ ᠵᠢᠯ ᠤᠨ ᠳᠤᠬᠠᠢ ᠳᠤᠳᠤᠷᠬᠠᠢ ᠳᠡᠮᠳᠡᠭᠯᠡᠯ ᠦᠭᠡᠶ᠃ ᠪᠠᠰᠤᠳ ᠣᠪᠣᠭ ᠤᠨ ᠭᠦᠮᠤᠨ᠂ ᠥᠭᠡᠯᠤᠨ ᠡᠭᠡ ᠶᠢᠨ ᠡᠷᠭᠦᠵᠤ ᠳᠡᠵᠢᠭᠡᠭ᠍ᠰᠡᠨ ᠳᠦᠷᠪᠡᠨ ᠭᠦᠪᠠᠭᠦᠨ ᠤ ᠨᠢᠭᠡ ᠪᠣᠯᠤᠨ᠎ᠠ᠃ ᠴᠢᠩᠭᠢᠰ ᠬᠠᠭᠠᠨ᠂ ᠸᠠᠩ ᠬᠠᠨ ᠪᠣᠯᠤᠨ ᠵᠠᠮᠤᠬ᠎ᠠ ᠶᠢᠨ ᠳᠡᠮᠵᠢᠯᠭᠡ ᠪᠠᠷ ᠭᠤᠷᠪᠠᠨ ᠮᠡᠷᠭᠢᠳ ᠢ ᠳᠤᠪᠳᠤᠯᠵᠤ᠂ ᠮᠡᠷᠭᠢᠳ ᠤᠨ ᠭᠢᠨ ᠳᠤ ᠪᠣᠯᠢᠶᠠᠭᠳᠠᠭᠰᠠᠨ ᠪᠦᠷᠳᠡ ᠦᠵᠢᠨ ᠶᠢᠡᠨ ᠠᠪᠣᠷᠠᠨ ᠠᠪᠣᠭᠰᠠᠨ ᠤ ᠳᠠᠷᠠᠭ᠎ᠠ᠂ ᠵᠠᠳᠠᠷᠠᠨ ᠤ ᠵᠠᠮᠤᠬ᠎ᠠ ᠲᠡᠶ ᠨᠢᠭᠡ ᠦᠶ᠎ᠡ ᠮᠡᠷᠭᠢᠳ ᠡᠴᠠ ᠣᠯᠤᠭᠰᠠᠨ ᠠᠯᠳᠠᠨ ᠪᠦᠰᠡ ᠪᠠᠨ ᠬᠠᠷᠢᠯᠴᠠᠨ ᠰᠤᠯᠢᠯᠴᠠᠨ ᠠᠠᠳᠠ ᠰᠡᠷᠭᠦᠭᠡᠵᠤ᠂ ᠰᠦᠨᠢ ᠭᠠᠭᠴᠠᠨ ᠭᠦᠡᠵᠢᠯᠡ ᠳᠤ ᠬᠤᠨᠤᠵᠤ ᠪᠠᠢ᠌ᠭᠰᠠᠨ ᠶᠢᠡᠨ ᠨᠤᠳᠤᠭ ᠪᠠᠭᠤᠴᠠ ᠨᠡᠭᠦᠭᠦ ᠦᠶ᠎ᠡ ᠳᠤ ᠵᠠᠮᠤᠬ᠎ᠠ ᠶᠢᠨ ᠣᠢ᠌ᠳᠠᠩᠭᠠ ᠥᠭᠡ ᠡᠴᠠ ᠪᠣᠯᠵᠤ᠂ ᠪᠦᠷᠳᠡ ᠦᠵᠢᠨ ᠤ ᠥᠭᠡ ᠶᠢ ᠵᠦᠪᠰᠢᠶᠠᠵᠤ ᠳᠠᠮᠤᠵᠢᠨ ᠵᠠᠮᠤᠬ᠎ᠠ ᠡᠴᠠ ᠰᠠᠯᠵᠤ ᠨᠡᠭᠦᠨ ᠶᠠᠪᠣᠪᠠ᠃ ᠵᠠᠮ ᠵᠠᠭᠤᠷ᠎ᠠ ᠳᠠᠢ᠌ᠴᠢᠭᠤᠳ ᠤᠨ ᠨᠤᠳᠤᠭ ᠢ ᠳᠠᠭᠠᠷᠢᠪᠠ᠃ ᠳᠠᠢ᠌ᠴᠢᠭᠤᠳ ᠰᠤᠴᠢᠨ ᠣᠢ᠌ᠮᠠᠵᠤ ᠨᠡᠭᠦᠵᠡᠢ᠃ ᠳᠠᠢ᠌ᠴᠢᠭᠤᠳ ᠤᠨ ᠪᠠᠰᠤᠳ ᠤᠨ ᠨᠤᠳᠤᠭ ᠳᠡᠭᠡᠷ᠎ᠡ ᠡᠴᠠ ᠭᠦᠭᠦᠴᠤ ᠨᠠᠷᠠᠳᠠᠢ ᠥᠴᠦᠭᠡᠨ ᠭᠦᠪᠠᠭᠦᠨ ᠬᠤᠴᠤᠷᠤᠭᠰᠠᠨ ᠢ ᠪᠢᠳᠠᠨ ᠤ ᠭᠢᠨ ᠣᠯᠵᠤ ᠠᠪᠣᠭᠠᠤᠨ᠂ ᠥᠭᠡᠯᠤᠨ ᠡᠭᠡ ᠳᠤ ᠠᠪᠴᠢᠷᠠᠵᠤ ᠥᠭ᠍ᠴᠡᠢ᠃ ᠥᠭᠡᠯᠤᠨ ᠡᠭᠡ ᠳᠡᠭᠦᠨ ᠢ ᠳᠡᠵᠢᠭᠡᠪᠡ᠃ ᠭᠦᠭᠦᠴᠤ᠂ ᠭᠦᠴᠤ ᠲᠡᠶ ᠬᠠᠮᠳᠤ ᠳᠠᠪ ᠳᠡᠭ᠍ᠷᠢ ᠶᠢᠨ ᠣᠪ ᠮᠡᠭᠡ ᠶᠢ ᠥᠭᠡᠯᠤᠨ ᠡᠭᠡ ᠳᠤ ᠮᠡᠳᠡᠭᠦᠯᠵᠤ᠂ ᠴᠢᠩᠭᠢᠰ ᠬᠠᠭᠠᠨ 《ᠬᠠᠰᠠᠷ ᠢ ᠪᠠᠷᠢᠷ᠎ᠠ ᠣᠤᠠᠪᠠ》 ᠭᠡᠵᠤ ᠥᠭᠡᠯᠤᠨ ᠡᠭᠡ ᠳᠤ ᠮᠡᠳᠡᠭᠡ ᠭᠦᠷᠭᠡᠵᠡᠢ᠃ ᠪᠠᠰᠠ ᠴᠢᠩᠭᠢᠰ ᠬᠠᠭᠠᠨ ᠤ ᠶᠡᠭᠡ ᠣᠢ᠌ᠯᠠᠰ ᠲᠤ ᠰᠢᠳᠤᠷᠭᠤ ᠪᠠᠷ ᠣᠢ᠌ᠯᠠᠴᠢᠯᠠᠵᠤ ᠭᠠᠪᠢᠶ᠎ᠠ ᠪᠦᠳᠦᠭᠡᠭ᠍ᠰᠡᠨ ᠶᠢᠡᠷ ᠲᠦᠷᠦ ᠳᠤᠭᠳᠠᠭᠠᠬᠤ ᠦᠶ᠎ᠡ ᠶᠢᠨ 95 ᠮᠢᠩᠭ᠋ᠠᠨ ᠤ ᠨᠤᠶᠠᠨ ᠤ ᠨᠢᠭᠡ ᠪᠠᠷ ᠡᠷᠭᠦᠮᠵᠢᠯᠡᠭ᠍ᠳᠡᠵᠡᠢ᠃ 1206 ᠣᠨ ᠳᠤ ᠴᠢᠩᠭᠢᠰ ᠬᠠᠭᠠᠨ ᠮᠤᠩᠭ᠋ᠤᠯ ᠬᠠᠭᠠᠠᠳᠤ ᠣᠯᠤᠰ ᠤᠨ ᠶᠡᠭᠡ ᠣᠷᠤ ᠳᠤ ᠰᠠᠭᠤᠭᠰᠠᠨ ᠤ ᠳᠠᠷᠠᠭ᠎ᠠ᠂ 《ᠪᠢ ᠡᠭᠡ ᠣᠤᠠᠴᠢᠭᠢᠨ ᠬᠤᠶᠠᠷ ᠲᠤ ᠨᠢᠭᠡ ᠲᠦᠮᠡᠨ ᠢᠷᠭᠡᠨ ᠦᠭᠭᠦᠭᠡᠤᠨ᠂ ᠨᠤᠶᠠᠨ ᠡᠴᠠ ᠭᠦᠴᠤ᠂ ᠭᠦᠭᠦᠴᠤ᠂ ᠵᠤᠩᠰᠠᠢ᠂ ᠠᠷᠬᠠᠰᠤᠨ ᠡᠳᠡ ᠳᠦᠷᠪᠡ ᠶᠢ ᠳᠤᠮᠢᠯᠠᠨ ᠥᠭ᠍ᠪᠡ》 ᠭᠡᠵᠡᠢ᠃
ᠵᠤᠬᠢᠶᠠᠭᠴᠢ᠄ ᠰᠡᠴᠡᠨᠪᠢᠯᠢᠭ᠌᠂ ᠪᠦᠷᠢᠨᠴᠢᠮᠡᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠮᠤᠩᠭᠤᠯ ᠲᠡᠦᠬᠡᠳᠠᠷᠤᠮ᠄ 12919
ᠴᠠᠭ᠄ 2010 ᠤᠨ ᠤ 09 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ