ᠨᠡᠪᠲᠡᠷᠡᠨ ᠤᠷᠤᠬᠤ
ᠴᠤᠬᠤᠷ ᠤᠨ ᠭᠤᠤᠯ ᠮᠢᠨᠢ

ᠡᠷᠴᠢᠯᠡᠭ᠍ᠰᠡᠨ ᠣᠷᠤᠰᠬᠠᠯ ᠳᠤ ᠴᠢᠨᠢ ᠡᠯᠡᠭ᠍ᠳᠡᠴᠢᠭᠡᠭᠦ ᠪᠣᠢ ᠭᠡᠵᠤ

ᠡᠷᠭᠢ ᠶᠢᠨ ᠴᠢᠨᠢ ᠴᠢᠯᠠᠭᠤ ᠶᠢ ᠪᠢ

ᠪᠣᠳᠤᠯ ᠳᠠᠭᠠᠨ ᠭᠠᠮᠨᠠᠵᠤ ᠶᠠᠪᠣᠯ᠎ᠠ

ᠴᠤᠬᠤᠷ ᠤᠨ ᠭᠤᠤᠯ ᠮᠢᠨᠢ

ᠨᠠᠮᠵᠢᠭᠤᠬᠠᠨ ᠱᠤᠤᠭᠢᠬᠤ ᠣᠰᠤᠨ ᠤ ᠴᠢᠨᠢ

ᠨᠠᠷᠠᠨ ᠳᠤᠭᠯᠠᠭᠰᠠᠨ ᠣᠯᠠᠨ ᠥᠶᠡᠯᠵᠡᠭᠡ

ᠢᠨᠠᠭ ᠤᠨ ᠮᠢᠨᠢ ᠴᠢᠷᠠᠢ ᠰᠢᠭ᠌ ᠳᠤᠶᠠᠭᠠᠷᠠᠨ ᠬᠠᠷᠠᠭᠳᠠᠬᠤ

ᠶᠠᠮᠠᠷ ᠰᠠᠢ᠌ᠬᠠᠨ ᠠᠵᠠ ᠪᠠᠢ᠌ᠯ᠎ᠠ᠃

ᠵᠡᠭᠡᠰᠦᠳᠤ ᠴᠡᠭᠡᠯ ᠡᠴᠡ ᠴᠢᠨᠢ ᠣᠶᠠᠩᠭ᠋ᠠᠯᠠᠨ ᠪᠣᠰᠬᠤ

ᠬᠤᠨ ᠤ ᠰᠢᠩᠭᠡᠨ ᠡᠭᠡᠰᠢᠭ᠌ ᠭᠡᠮᠡᠷ

ᠬᠤᠷᠴᠠ ᠨᠠᠰᠤᠨ ᠤ ᠳᠤᠷᠠᠯᠠᠯ ᠭᠡᠳᠡᠭᠡᠯᠡᠭ᠍ᠰᠡᠨ

ᠳᠠᠭᠤᠤ ᠰᠢᠭ᠌ ᠢᠷᠠᠭᠤ ᠡᠳᠦᠷ ᠤᠳ ᠁

ᠴᠢ ᠬᠠᠮᠢᠭᠠᠰᠢ ᠣᠷᠤᠰᠤᠨ᠎ᠠ ᠪᠣᠢ

ᠬᠠᠮᠢᠭᠠᠰᠢ ᠣᠷᠤᠰᠤᠨ᠎ᠠ ᠪᠣᠢ︖

ᠴᠤᠬᠤᠷ ᠤᠨ ᠭᠤᠤᠯ ᠤᠨ ᠶᠢᠡᠨ ᠴᠡᠭᠡᠯ ᠳᠤ ᠪᠢ

ᠴᠢᠯᠠᠭᠤ ᠰᠢᠳᠠᠵᠤ ᠶᠠᠪᠣᠭ᠎ᠠ ᠦᠭᠡᠶ ᠡ᠃

ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 2809
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ