☆ ᠳ᠋·ᠪᠦᠷᠢᠨᠲᠤᠭᠲᠠᠬᠤ
ᠪᠠᠰᠠ ᠨᠢᠭᠡ ᠰᠠᠢ᠌ᠬᠠᠨ ᠨᠠᠮᠤᠷ ᠮᠢᠨᠤ ᠪᠠᠭᠠᠷᠢᠨ ᠳᠤ ᠢᠷᠠᠯ᠎ᠠ
ᠰᠠᠢ᠌ᠬᠠᠨ ᠬᠠᠨ ᠤ ᠮᠤᠳᠤᠳ ᠠᠭᠤᠯᠠᠰ ᠶᠢᠡᠨ ᠴᠢᠮᠠᠨ ᠣᠯᠠᠢ᠌ᠵᠤ
ᠰᠠᠨᠠᠭ᠎ᠠ ᠳᠡᠯᠢᠭ᠍ᠰᠡᠨ ᠨᠤᠳᠤᠭ ᠤᠨ ᠪᠠᠷ᠎ᠠ ᠨᠢᠳᠤᠨ ᠪᠠᠷ᠎ᠠ ᠴᠡᠯᠮᠡᠢ᠌ᠭ᠍ᠰᠡᠨ
ᠭᠤᠷᠪᠠᠨ ᠭᠤᠤᠯ ᠤᠨ ᠣᠰᠤ ᠨᠢ ᠬᠤᠨ ᠤ ᠳᠠᠭᠤ ᠳᠠᠢ ᠮᠢᠷᠠᠯᠵᠠᠵᠤ
ᠭᠤᠸ᠎ᠠ ᠡᠷᠢᠶᠡᠨ ᠴᠡᠴᠡᠭᠡᠰ ᠵᠥᠭᠡᠯᠡᠨ ᠵᠡᠷᠭᠡᠯᠭᠡᠨ ᠳᠤ ᠦᠷᠡᠯᠡᠭ᠍ᠰᠡᠨ
ᠪᠠᠰᠠ ᠨᠢᠭᠡ ᠰᠠᠢ᠌ᠬᠠᠨ ᠨᠠᠮᠤᠷ ᠮᠢᠨᠤ ᠪᠠᠭᠠᠷᠢᠨ ᠳᠤ ᠢᠷᠠᠯ᠎ᠠ
ᠳᠦᠷᠦᠭᠡ ᠰᠢᠭᠦᠷᠡᠮ᠎ᠡ ᠬᠠᠳᠤᠯᠠᠩ ᠮᠠᠰᠢᠨ ᠤ ᠳᠠᠭᠤᠨ ᠳᠤ ᠨᠠᠯᠠᠷᠠᠵᠤ
ᠠᠭᠤᠯᠠ ᠰᠢᠭ᠌ ᠡᠪᠠᠰᠤᠨ ᠴᠤᠪᠣᠭ᠎ᠠ ᠡᠪᠦᠯᠵᠢᠶᠡᠨ ᠵᠥᠭ᠌ ᠨᠡᠭᠦᠭ᠍ᠰᠡᠨ
ᠳᠠᠷᠭᠤᠨ ᠬᠤᠨᠢᠳ ᠤᠨ ᠳᠡᠭᠡᠭᠦᠷ ᠳᠤᠰᠤ ᠲᠡᠶ ᠵᠢᠪᠠᠷ ᠢᠯᠪᠢᠵᠤ
ᠳᠠᠪᠤᠨ ᠳᠠᠷᠢᠶᠠᠨ ᠤ ᠵᠤᠷᠬ᠎ᠠ ᠪᠠᠷ ᠰᠢᠷᠭᠠᠯ ᠪᠣᠳᠤᠭ ᠨᠢ ᠰᠢᠪᠠᠷᠡᠭ᠍ᠰᠡᠨ
ᠪᠠᠰᠠ ᠨᠢᠭᠡ ᠰᠠᠢ᠌ᠬᠠᠨ ᠨᠠᠮᠤᠷ ᠮᠢᠨᠤ ᠪᠠᠭᠠᠷᠢᠨ ᠳᠤ ᠢᠷᠠᠯ᠎ᠠ
ᠰᠠᠷᠠᠨ ᠤ ᠮᠥᠩᠭᠦᠨ ᠳᠤᠶᠠᠭ᠎ᠠ ᠨᠢ ᠢᠷᠠᠭᠤ ᠨᠠᠢ᠌ᠷᠠᠭ ᠶᠢᠡᠷ ᠳᠤᠭᠳᠤᠯᠵᠤ
ᠮᠢᠩᠭ᠋ᠠᠨ ᠭᠠᠵᠠᠷ ᠤᠨ ᠮᠦᠷᠦᠭᠡᠳᠦᠯ ᠭᠤᠯᠢᠶ᠎ᠠ ᠶᠢᠨ ᠳᠠᠭᠤᠨ ᠶᠢᠡᠷ ᠣᠢ᠌ᠯᠠᠭᠰᠠᠨ
ᠰᠠᠢ᠌ᠬᠠᠨ ᠭᠦᠷᠡᠩ ᠵᠢᠮᠢᠰ ᠨᠢ ᠦᠳᠡᠰᠢ ᠪᠠᠨ ᠭᠦᠡᠳᠤᠨ ᠣᠨᠠᠯᠴᠠᠵᠤ
ᠰᠠᠷᠠᠭᠤᠯ ᠢᠷᠡᠭᠡᠳᠦᠢ ᠶᠢᠨ ᠵᠡᠭᠦᠳᠤ ᠠᠯᠳᠠᠨ ᠰᠢᠷᠤᠢ ᠳᠤ ᠨᠢ ᠮᠠᠨᠠᠭᠳᠠᠭᠰᠠᠨ
ᠪᠠᠰᠠ ᠨᠢᠭᠡ ᠰᠠᠢ᠌ᠬᠠᠨ ᠨᠠᠮᠤᠷ ᠮᠢᠨᠤ ᠪᠠᠭᠠᠷᠢᠨ ᠳᠤ ᠢᠷᠠᠯ᠎ᠠ
ᠵᠤᠬᠢᠶᠠᠭᠴᠢ᠄ ᠳ᠋·ᠪᠦᠷᠢᠨᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2011 ᠤᠨ ᠤ 09 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ