☆ ᠣᠷᠭᠢᠯᠤᠮ᠎ᠠ
ᠰᠠᠨᠠᠵᠤ ᠶᠠᠪᠣᠬᠤ ᠶᠢᠨ ᠵᠢᠷᠭᠠᠯ
ᠰᠠᠯᠠᠬᠤ ᠴᠠᠭ ᠤᠨ ᠣᠳᠤᠨ ᠭᠡᠭᠡ ᠪᠠᠷ
ᠰᠡᠳᠭᠢᠯ ᠤᠨ ᠭᠦᠨ ᠳᠤ ᠳᠠᠨ ᠤ ᠳᠦᠷᠢ
ᠴᠢᠮᠡᠭᠡ ᠥᠭᠡᠢ᠌ᠭᠡᠨ ᠥᠡᠳᠦᠰᠦᠯᠡᠭ᠍ᠰᠡᠨ ᠢ
ᠰᠤᠴᠢᠭᠢᠰᠭᠢᠨ ᠣᠯᠵᠤ ᠬᠠᠷᠠᠯ᠎ᠠ
ᠳᠦᠷᠪᠡᠨ ᠵᠢᠯ ᠤᠨ ᠬᠤᠭᠤᠷᠤᠠᠳᠤ
ᠳᠦᠷᠦᠭᠡ ᠬᠠᠷᠰᠢᠭᠤᠯᠤᠨ ᠠᠶᠠᠯᠠᠵᠤ ᠪᠠᠢ᠌ᠭᠰᠠᠨ ᠴᠤ
ᠰᠡᠳᠭᠢᠯ ᠮᠡᠳᠡᠭ᠍ᠴᠢ ᠨᠠᠢ᠌ᠵᠠ ᠶᠢᠨ ᠰᠢᠵᠢᠮ ᠢ
ᠰᠠᠪ ᠳᠠᠳᠤᠢ ᠭᠦᠡᠳᠡᠵᠤ ᠥᠩᠭᠡᠷᠡᠭᠡ ᠦᠭᠡᠶ
ᠠᠮᠢᠳᠤᠷᠠᠯ ᠤᠨ ᠲᠦᠯᠦᠭᠡᠨ᠎ᠡ
ᠠᠵᠢᠯ ᠤᠨ ᠪᠠᠢ᠌ᠷᠢ ᠳᠤ ᠭᠦᠯᠢᠭ᠍ᠳᠡᠵᠤ
ᠠᠮᠠᠷᠠᠭ ᠤᠨ ᠭᠡᠯᠭᠢᠶᠡᠰᠦᠨᠡ
ᠠᠷᠠᠤᠨ ᠤᠨ ᠵᠢᠷᠤᠮ ᠳᠤ ᠨᠤᠭᠳᠤᠯᠤᠭᠳᠠᠭᠰᠠᠭᠠᠷ
ᠨᠢᠭᠡ ᠮᠡᠳᠡᠭᠦᠯᠡ ᠬᠤᠷᠢᠨ ᠵᠢᠯ
ᠨᠢᠳᠤ ᠢᠷᠮᠡᠭᠦ ᠶᠢᠨ ᠳᠤᠷᠭᠠᠨ ᠊ᠭ᠍ᠱᠡᠨ ᠳᠤ
ᠨᠠᠷᠠᠳᠤ ᠶᠢᠷᠳᠢᠠᠴᠤ ᠶᠢᠨ ᠵᠢᠮ᠎ᠠ ᠪᠠᠷ
ᠨᠠᠭᠠᠳᠤᠮ ᠱᠤᠤ ᠳᠤᠭᠯᠠᠵᠤ ᠣᠳᠤᠯ᠎ᠠ
ᠶᠠᠪᠣᠳᠠᠯ ᠶᠢᠡᠷ ᠶᠤᠮ ᠦᠦ
ᠢᠷᠦᠭᠡᠯ ᠶᠢᠡᠷ ᠴᠤ ᠶᠤᠮ ᠤᠤ
ᠨᠢᠭᠤᠷ ᠣᠴᠠᠷᠠᠵᠤ ᠭᠡᠨᠡᠨ ᠵᠤᠯᠭᠠᠬᠤ ᠭᠡᠭ᠍ᠴᠢ
ᠶᠢᠰᠤᠨ ᠵᠡᠭᠦᠳᠤᠨ ᠳᠤ ᠶᠠᠷᠤ ᠪᠠᠢ᠌ᠭᠰᠠᠨ ᠥᠭᠡᠢ
ᠥᠢᠯᠡᠰ ᠤᠨ ᠴᠢᠨᠢ ᠭᠢᠯᠠᠯᠵᠠᠮ᠎ᠠ
ᠥᠵᠡᠭᠦ ᠨᠢᠳᠤᠨ ᠳᠤ ᠴᠢᠨᠢ ᠳᠤᠳᠤᠷᠠᠵᠤ ᠪᠠᠢ᠌ᠨ᠎ᠠ
ᠠᠮᠢᠳᠤᠷᠠᠯ ᠤᠨ ᠴᠢᠨᠢ ᠪᠠᠬᠠᠷᠤᠮ᠎ᠠ
ᠣᠯᠠᠯᠵᠠᠬᠤ ᠬᠠᠴᠠᠷ ᠲᠤ ᠴᠢᠨᠢ ᠬᠤᠠᠳᠠᠭᠠᠯᠠᠭᠳᠠᠵᠤ ᠪᠠᠢ᠌ᠨ᠎ᠠ
ᠶᠢᠷᠳᠢᠠᠴᠤ ᠶᠢᠨ ᠵᠢᠮ᠎ᠠ ᠶᠢ
ᠨᠢᠭᠡ ᠪᠣᠳᠤᠬᠤ ᠳᠤ ᠶᠦᠭᠡᠳᠡᠮᠡᠷ ᠰᠠᠨᠠᠭᠰᠠᠨ ᠴᠤ
ᠶᠡᠷᠦᠩᠭᠡᠢ᠌ᠯᠡᠵᠤ ᠳᠠᠭᠢᠨ ᠰᠢᠠᠵᠢᠪᠠᠯ
ᠶᠠᠭᠤ ᠪᠦᠭᠦᠨ ᠮᠢᠨᠤᠭᠢ ᠪᠠᠢ᠌ᠬᠤ ᠠᠯᠪᠠ ᠦᠭᠡᠶ ᠡ
ᠬᠠᠢ᠌ᠷᠠᠳᠠᠢ ᠪᠦᠭᠦᠨ ᠮᠢᠨᠤ ᠦᠮᠴᠢ ᠪᠢᠰᠢ
ᠥᠮᠴᠢᠯᠡᠭ᠍ᠰᠡᠨ ᠨᠢᠭᠡᠨ ᠲᠡᠶ ᠪᠠᠨ ᠵᠢᠷᠭᠠᠵᠤ ᠶᠠᠪᠣᠭ
ᠬᠤᠴᠤᠷᠤᠭᠰᠠᠨ ᠪᠦᠭᠦᠨ ᠨᠠᠷᠠ ᠦᠭᠡᠶ ᠪᠢᠰᠢ
ᠣᠴᠠᠷᠠᠭᠰᠠᠨ ᠨᠢᠭᠡᠨ ᠲᠡᠶ ᠪᠠᠨ ᠳᠡᠷᠭᠡᠯᠰᠢᠵᠤ ᠶᠠᠪᠣᠬᠤ ᠶᠤᠮ ᠡ
ᠵᠤᠬᠢᠶᠠᠭᠴᠢ ᠶᠢᠨ ᠬᠠᠶᠢᠭ ᠄ ᠲᠦᠰᠢᠶᠠᠳᠤ
ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2011 ᠤᠨ ᠤ 08 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ