ᠨᠡᠪᠲᠡᠷᠡᠨ ᠤᠷᠤᠬᠤ
ᠮᠢᠨᠤ ᠠᠷᠠᠤᠨ ᠤᠨ ᠳᠠᠭᠤᠤ

ᠮᠢᠠᠵᠢ ᠶᠢᠨ ᠬᠠᠩᠭ᠋ᠠᠢ ᠳᠤ ᠴᠤᠤᠷᠢᠶᠠᠳᠤᠭᠰᠠᠨ

ᠮᠢᠨᠤ ᠠᠷᠠᠤᠨ ᠤᠨ ᠳᠠᠭᠤᠤ

ᠮᠤᠩᠭ᠋ᠤᠯ ᠣᠬᠠᠭᠠᠨ ᠡᠴᠡ ᠵᠠᠳᠠᠷᠠᠭᠰᠠᠨ

ᠮᠥᠩᠭᠡ ᠶᠢᠨ ᠢᠷᠠᠭᠤ ᠴᠤᠤᠷᠢᠶ᠎ᠠ ᠪᠠᠢ᠌ᠵᠠᠢ᠃

ᠣᠬᠠᠭᠠᠨ ᠳᠠᠭᠠᠨ ᠵᠢᠷᠭᠠᠭᠰᠠᠨ ᠡᠪᠦᠭᠡᠤᠨ ᠤᠨ

ᠣᠶᠤᠨ ᠢ ᠴᠠᠢ᠌ᠯᠭᠠᠭᠰᠠᠨ ᠥᠷ

ᠰᠠᠤᠠᠭᠢᠯ ᠴᠠᠭᠠᠪᠣᠷ ᠠᠷᠠᠤᠨ ᠤᠨ

ᠰᠡᠳᠭᠢᠭᠦᠢ ᠡᠴᠡ ᠰᠠᠳᠠᠭᠠᠨᠠᠭᠰᠠᠨ ᠰᠥ᠋᠂

ᠢᠩᠭᠡᠨ ᠪᠣᠢ᠌ᠯᠭᠠᠨ ᠳᠤ ᠣᠶᠠᠰᠬᠤ

ᠢᠷᠮᠡᠭᠦ ᠨᠢᠳᠤᠨ ᠤ ᠨᠢᠯᠪᠣᠰᠤ

ᠢᠳᠡᠭᠡᠯ ᠳᠦᠷᠦᠭᠡᠯᠡᠭ᠍ᠰᠡᠨ ᠣᠢ᠌ᠯᠠᠰ ᠤᠨ

ᠢᠨᠢᠶᠡᠭ᠍ᠰᠡᠭᠡᠷ ᠮᠠᠠᠳᠤᠬᠤ ᠨᠠᠷᠠ᠂

ᠰᠠᠤᠠᠭᠢᠯ ᠤᠨ ᠭᠢᠵᠠᠭᠠᠷ ᠢ ᠳᠡᠯᠡᠭᠦ

ᠰᠠᠪ ᠦᠭᠡᠶ ᠪᠣᠳᠤᠯ ᠤᠨ ᠳᠡᠩᠭᠡᠭᠡ

ᠡᠯᠢᠭᠡᠨ ᠬᠠᠢ᠌ᠷ᠎ᠠ ᠡᠴᠡ ᠣᠠᠳᠤᠷᠤᠭᠰᠠᠨ

ᠡᠷᠡᠭᠦᠯ ᠳᠤᠩᠭ᠋ᠠᠯᠠᠭ ᠠᠪᠢᠶ᠎ᠠ᠂

ᠠᠮᠢᠳᠤᠷᠠᠯ ᠤᠨ ᠰᠤᠳᠠᠰᠤ ᠪᠠᠷ ᠯᠤᠭᠰᠢᠬᠤ

ᠠᠮᠢᠵᠢᠷᠠᠯ ᠤᠨ ᠨᠤᠭᠤᠭᠠᠨ ᠴᠢᠰᠤ

ᠠᠮᠢᠰᠬᠤᠯ ᠤᠨ ᠳᠤᠭᠤᠯᠠᠩ ᠶᠢᠡᠷ ᠭᠦᠪᠦᠷᠡᠳᠡᠭ᠌

ᠠᠷᠢᠭᠤᠨ ᠭᠦᠰᠡᠯ ᠤᠨ ᠦᠷ᠎ᠡ᠃

ᠨᠠᠭᠤᠷ ᠤᠨ ᠴᠠᠯᠭᠢᠶ᠎ᠠ ᠰᠢᠭ ᠡᠭᠡᠰᠢᠭ᠌ ᠲᠤ ᠨᠢ

ᠨᠤᠳᠤᠭ ᠤᠨ ᠮᠢᠨᠢ ᠰᠦᠯᠳᠡ ᠰᠡᠷᠭᠦᠳᠡᠭ᠌ ᠪᠠᠢ᠌ᠵᠠᠢ

ᠨᠤᠭᠤᠯᠤᠭ᠎ᠠ ᠣᠷᠳᠤᠬᠠᠨ ᠠᠢ᠌ᠵᠢᠮ ᠳᠤ ᠨᠢ

ᠨᠤᠵᠤᠭᠤᠷᠠᠮ᠎ᠠ ᠪᠠᠢ᠌ᠭᠠᠯᠢ ᠰᠡᠷᠡᠳᠡᠭ᠌ ᠪᠠᠢ᠌ᠵᠠᠢ

ᠠᠯᠠᠭᠠᠴᠢᠨ ᠤ ᠨᠢᠭᠦᠯᠳᠤ ᠰᠤᠮᠤ ᠨᠢ ᠴᠤ

ᠠᠶᠠᠰ ᠢ ᠨᠢ ᠮᠥᠷᠭᠦᠭᠡᠤᠨ ᠣᠨᠠᠳᠠᠭ ᠪᠠᠢ᠌ᠵᠠᠢ

ᠠᠭᠳᠠ ᠶᠢᠨ ᠨᠣᠢ᠌ᠳᠠᠨ ᠳᠤᠭᠤᠷᠠᠢ ᠴᠤ

ᠠᠶᠠᠯᠭᠤᠨ ᠳᠤ ᠨᠢ ᠡᠭ᠍ᠰᠢᠭᠡᠤᠨ ᠬᠠᠳᠠᠳᠠᠭ ᠪᠠᠢ᠌ᠵᠠᠢ

ᠳᠠᠢ᠌ᠨ ᠤ ᠳᠠᠯᠠᠪᠣᠷ ᠲᠤ ᠳᠠᠭᠤᠯᠠᠬᠤ ᠪᠠᠷ ᠨᠢ

ᠳᠠᠷᠢ ᠶᠢᠨ ᠣᠳᠤᠭ᠎ᠠ ᠵᠠᠮᠬᠠᠷᠠᠳᠠᠭ ᠪᠠᠢ᠌ᠵᠠᠢ

ᠳᠠᠢ᠌ᠴᠢᠨ ᠡᠷᠡᠰ ᠤᠨ ᠭᠢᠨᠢ ᠭᠦᠴᠤ ᠶᠢ ᠰᠠᠯᠪᠢᠵᠤ

ᠳᠠᠭᠠᠷᠢᠬᠤ ᠵᠤᠷᠢᠭ ᠢ ᠭᠦᠪᠴᠢᠯᠡᠳᠡᠭ᠌ ᠪᠠᠢ᠌ᠵᠠᠢ᠃

ᠮᠢᠠᠵᠢ ᠶᠢᠨ ᠬᠠᠩᠭ᠋ᠠᠢ ᠳᠤ ᠴᠤᠤᠷᠢᠶᠠᠳᠤᠭᠰᠠᠨ

ᠮᠢᠨᠤ ᠠᠷᠠᠤᠨ ᠤᠨ ᠳᠠᠭᠤᠤ

ᠡᠩᠭᠡ ᠰᠠᠷᠠᠭᠤᠯ ᠠᠮᠢᠳᠤᠷᠠᠯ ᠤᠨ

ᠡᠭᠡᠰᠢᠭ᠌ ᠪᠦᠷᠢᠨ ᠨᠤᠲ᠋ ᠪᠠᠢ᠌ᠵᠠᠢ᠃

ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3222
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ