ᠨᠡᠪᠲᠡᠷᠡᠨ ᠤᠷᠤᠬᠤ
ᠠᠨᠤ ᠬᠠᠳᠤᠨ ᠡᠵᠢ

ᠵᠡᠭᠦᠳᠤ ᠨᠣᠢ᠌ᠷ ᠤᠨ ᠮᠢᠨᠢ ᠣᠷᠤᠨ ᠵᠠᠢ ᠶᠢ ᠡᠵᠡᠯᠡᠭᠡᠤᠨ

ᠵᠢᠰᠤᠷᠠᠨ ᠰᠢᠪᠠᠷᠡᠭᠦ ᠳᠡᠭ᠍ᠷᠢ ᠶᠢᠨ ᠨᠢᠯᠪᠣᠰᠤ ᠡᠴᠡ ᠨᠢᠭᠤᠭᠠᠤᠨ

ᠵᠡᠭᠦᠤ ᠣᠯᠳᠠᠬᠤ ᠦᠭᠡᠶ ᠡᠪᠠᠰᠤᠨ ᠰᠢᠭᠦᠳᠡᠷᠢ ᠪᠠᠷ ᠭᠤᠶᠤᠭᠠᠤᠨ

ᠵᠤᠯᠠ ᠶᠢᠨ ᠳ᠋ᠸᠩ ᠡᠷᠪᠠᠭᠡᠢ ᠰᠢᠭ᠌ ᠳᠤᠷᠠᠯᠠᠯ ᠳᠠᠭᠠᠨ ᠰᠢᠳᠠᠭᠠᠤᠨ

ᠵᠢᠰᠤ ᠭᠤᠶᠤ ᠳᠠ ᠮᠢᠨᠢ ᠦᠨᠦ ᠡᠷᠳᠡᠨ ᠤ ᠠᠨᠤ ᠬᠠᠳᠤᠨ ᠡᠭᠡ ᠡ᠃

ᠣᠷᠤᠰᠬᠠᠯ ᠵᠥᠭᠡᠯᠡᠨ ᠮᠠᠷᠠᠯ ᠭᠢᠶᠠᠯᠠᠩ ᠪᠠᠢ᠌ᠮᠠᠷ

ᠣᠬᠠᠭᠠᠳᠤ ᠡᠪᠦᠭᠡᠤᠨ ᠤᠨ ᠮᠠᠨᠢ

ᠪᠠᠷᠯᠠᠵᠤ ᠠᠮᠵᠢᠭ᠎ᠠ ᠦᠭᠡᠶ ᠪᠣᠷᠬᠠᠳ ᠪᠠᠢ᠌ᠮᠠᠷ

ᠣᠪᠠᠰᠠᠠᠽᠠᠨ ᠨᠢ ᠵᠠᠶᠠᠭ᠎ᠠ ᠨᠢ ᠳᠤᠳᠠᠭᠤ

ᠠᠨᠤ ᠬᠠᠳᠤᠨ ᠡᠵᠢ ᠡ︕

ᠡᠷᠭᠢᠭᠦ ᠬᠤᠷᠸ᠎ᠠ ᠶᠢᠨ ᠠᠮᠢᠳᠤᠷᠠᠯ ᠤᠨ ᠨᠤᠴᠤᠭᠠᠨ ᠳᠤ

ᠡᠷ᠎ᠡ ᠶᠢᠨ ᠢᠯᠳᠤ ᠶᠢ ᠳᠠᠯᠠᠢ᠌ᠵᠤ ᠡᠷᠯᠢᠭ᠌ ᠤᠨ ᠡᠯᠴᠢ ᠶᠢ ᠠᠯᠠᠵᠤ ᠶᠠᠪᠣᠭᠰᠠᠨ

《ᠡᠵᠢ ᠡ︕》 ᠭᠡᠵᠤ ᠠᠮᠢ ᠳᠠᠰᠤᠷᠠᠬᠤ ᠳᠠᠢ᠌ᠨ ᠤ ᠳᠠᠯᠪᠣᠷ ᠳᠤ

ᠡᠯᠡᠰᠤᠨ ᠨᠡᠭᠦᠳᠡᠯ ᠰᠢᠭ᠌ ᠬᠤᠷᠣᠢ᠌ᠯᠠᠵᠤ ᠯᠠ ᠶᠠᠪᠣᠭᠰᠠᠨ

ᠡᠮᠡᠭᠡ ᠪᠣᠯᠤᠭ᠎ᠠ ᠦᠭᠡᠶ ᠵᠠᠯᠠᠭᠤ ᠪᠠᠷ ᠶᠢᠡᠨ ᠮᠥᠩᠭᠡᠷᠡᠭ᠍ᠰᠡᠨ

ᠠᠨᠤ ᠬᠠᠳᠤᠨ ᠡᠵᠢ ᠮᠢᠨᠢ︕

ᠭᠦᠰᠡᠯ ᠵᠤᠷᠢᠭ ᠤᠨ ᠪᠠᠭᠠᠳᠤᠷ ᠶᠢᠡᠨ ᠠᠮᠢᠨ ᠡᠴᠡ ᠪᠠᠨ ᠢᠯᠡᠭᠦᠤ ᠪᠣᠷᠬᠠᠠᠴᠢᠯᠠᠵᠤ

ᠭᠦᠯᠦᠭ᠌ ᠮᠤᠷᠢᠳ ᠤᠨ ᠰᠢᠠᠳᠠᠰᠤᠨ ᠳᠤ ᠠᠮᠢ ᠶᠢ ᠨᠢ ᠭᠦᠷᠳᠡᠯ᠎ᠡ ᠳᠠᠭᠠᠳᠬᠠᠵᠤ

ᠰᠥᠷᠭᠡᠤᠯᠡᠵᠤ ᠭᠡᠯᠡᠭᠡ ᠦᠭᠡᠶ ᠬᠠᠢ᠌ᠷ᠎ᠠ ᠪᠠᠨ ᠪᠠᠷᠢ ᠴᠢᠭ᠍ᠴᠢ ᠪᠠᠷ ᠬᠠᠳᠠᠭᠠᠮᠵᠢᠯᠠᠵᠤ᠂

ᠰᠡᠭᠦᠳᠡᠷ ᠰᠢᠭ᠌ ᠶᠠᠪᠣᠭᠰᠠᠨ ᠢ ᠴᠢᠨᠢ ᠥᠭᠡᠯᠡᠳ ᠤᠳ ᠮᠠᠷᠳᠠᠬᠤ ᠦᠭᠡᠶ

ᠠᠭᠤᠤ ᠬᠠᠳᠤᠨ ᠡᠭᠡ᠂ ᠡᠡᠨᠤ ᠬᠠᠳᠤᠨ ᠡᠵᠢ ᠡ︕

ᠢᠷᠡᠯᠲᠡ᠄ ᠥᠭᠡᠯᠡᠳ ᠭᠠᠯᠳᠠᠨ
ᠬᠠᠷᠢᠶ᠎ᠠ᠄ ᠰᠢᠯᠦᠭ
ᠳᠠᠷᠤᠮ᠄ 2824
ᠴᠠᠭ᠄ 2008 ᠤᠨ ᠤ 12 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ