☆ ᠪᠣᠷᠵᠢᠭᠢᠨ ᠷᠢᠠᠴᠢᠨ
ᠪᠢ
ᠡᠳᠦᠷᠵᠢᠨ ᠪᠢ
ᠨᠤᠮ ᠤᠨ ᠳᠠᠯᠠᠢ ᠳᠤ ᠣᠮᠪᠠᠵᠤ
ᠨᠤᠵᠤᠭᠤᠷᠠᠭᠰᠠᠨ ᠳᠠᠷᠢᠭᠢ ᠪᠠᠨ ᠣᠭᠢᠶᠠᠬᠤᠢ
ᠨᠤᠭᠳᠤ ᠦᠭᠡᠶ ᠡᠮᠨᠢᠭ᠌ ᠲᠤ ᠮᠤᠷᠳᠠᠬᠤᠢ
ᠨᠤᠶᠠᠨ ᠣᠷᠭᠢᠯ ᠵᠥᠭ᠌ ᠳᠠᠪᠭᠢᠬᠤᠢ
ᠰᠦᠨᠢᠵᠢᠨ ᠪᠢ
ᠴᠡᠭᠡᠨ ᠳ᠋ᠸᠩ ᠤᠨ ᠭᠡᠷᠡᠯ ᠳᠤᠤᠷ᠎ᠠ
ᠴᠢᠪ ᠴᠢᠮᠡᠭᠡ ᠦᠭᠡᠶ ᠰᠢᠯᠦᠭ᠌ ᠰᠡᠳᠭᠢᠭᠦᠢ
ᠴᠠᠯ ᠨᠤᠭᠤᠭᠠᠨ ᠠᠮᠢᠳᠤᠷᠠᠯ ᠨᠤᠲ᠋ᠯᠠᠬᠤᠢ
ᠴᠡᠩᠭᠡᠯ ᠵᠢᠷᠭᠠᠯ ᠤᠨ ᠳᠠᠯᠠᠪᠴᠢ ᠳᠡᠯᠭᠡᠭᠦᠢ
ᠬᠠᠪᠣᠷᠵᠢᠨ ᠪᠢ
ᠬᠠᠢ᠌ᠷ᠎ᠠ ᠶᠢᠨ ᠳᠤᠬᠠᠢ ᠡᠷᠢᠯ ᠳᠤ ᠮᠤᠷᠳᠠᠵᠤ
ᠬᠠᠮᠤᠭ ᠴᠡᠴᠡᠭ᠌ ᠢ ᠮᠦᠰᠢᠶᠠᠨ ᠳᠡᠯᠭᠡᠷᠡᠳᠡᠯᠡ
ᠬᠠᠳᠠᠨ ᠠᠷᠢᠭᠢ ᠰᠢᠭ ᠢᠳᠡᠯᠢᠭ᠌ ᠭᠦᠴᠦᠳᠡᠢ
ᠬᠠᠯᠠᠭᠤᠨ ᠭᠦᠰᠡᠯ ᠤᠨ ᠥᠭᠡ ᠠᠳᠤᠭᠤᠯᠬᠤᠢ
ᠵᠤᠠᠵᠢᠨ ᠪᠢ
ᠵᠤᠰᠠᠯᠠᠩ ᠤᠨ ᠰᠠᠢ᠌ᠬᠠᠨ ᠴᠡᠴᠡᠷᠯᠢᠭ᠌ ᠳᠤ
ᠵᠢᠷᠤᠭ ᠡᠴᠠ ᠭᠤᠶᠤ ᠭᠡᠦᠭᠡᠨ ᠤ
ᠵᠤᠯᠠᠢ ᠳᠡᠭᠡᠷ᠎ᠡ ᠨᠢ ᠦᠨᠦᠰᠴᠤ
ᠵᠠᠭᠤᠨ ᠳᠠᠭᠢᠨ ᠪᠠᠶᠠᠰᠬᠤᠢ
ᠨᠠᠮᠤᠷᠵᠢᠨ ᠪᠢ
ᠰᠢᠪᠠᠭᠤᠨ ᠨᠡᠭᠦᠳᠡᠯ ᠤᠨ ᠳᠤᠭᠤᠰᠤᠨ ᠡᠴᠠ
ᠰᠢᠷᠭᠠᠯ ᠦᠳᠦ ᠶᠢ ᠳᠡᠭᠦᠵᠤ
ᠰᠢᠨ᠎ᠡ ᠵᠠᠭᠤᠨ ᠤ ᠨᠠᠷᠠᠨ ᠳᠤ
ᠰᠢᠵᠢᠷ ᠳᠠᠯᠠᠪᠴᠢ ᠣᠶᠤᠬᠤᠢ
ᠡᠪᠦᠯᠵᠢᠨ ᠪᠢ
ᠠᠭᠠᠷ ᠳᠡᠭ᠍ᠷᠢ ᠡᠴᠠ ᠨᠤᠤᠯᠤᠷ ᠬᠤᠷᠢᠶᠠᠵᠤ
ᠠᠮᠢ ᠨᠠᠰᠤᠨ ᠤ ᠭᠦᠯᠡᠮᠵᠢ ᠡᠰᠭᠡᠨ
ᠠᠪᠠ ᠶᠢᠨ ᠫᠣᠤ ᠶᠢᠨ ᠪᠠᠯᠪᠠᠷᠠᠬᠠᠢ ᠰᠤᠮᠤᠨ ᠡᠴᠠ
ᠠᠰᠫᠢᠷᠠᠠᠲ᠋ ᠴᠤᠯᠠ ᠶᠢᠨ ᠥᠭᠦᠯᠡᠯ ᠨᠠᠢ᠌ᠷᠠᠭᠯᠠᠬᠤᠢ
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11715
ᠴᠠᠭ᠄ 2012 ᠤᠨ ᠤ 08 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ