ᠨᠡᠪᠲᠡᠷᠡᠨ ᠤᠷᠤᠬᠤ
ᠡᠵᠢ ᠶᠢᠨ ᠬᠠᠢ᠌ᠷ᠎ᠠ ᠳᠤ ᠬᠤᠷᠸ᠎ᠠ ᠣᠶᠠᠷᠠᠨ᠎ᠠ
ᠭᠡᠯᠭᠢᠶ᠎ᠡ ᠨᠢᠭᠡ

ᠳᠠᠨᠢᠯ ᠪᠣᠰᠤ ᠬᠤᠷᠸ᠎ᠠ ᠳᠤ ᠳᠠᠨᠢᠯ ᠪᠣᠰᠤ ᠪᠠᠷ ᠣᠭᠢᠯᠠᠨ

ᠳᠠᠨᠢᠯᠴᠠᠬᠤ ᠳᠤ ᠪᠠᠨ ᠡᠭᠡ ᠭᠡᠯᠡ ᠪᠠᠷ ᠶᠢᠡᠨ ᠳᠦᠳᠦᠨᠡᠭ᠍ᠰᠡᠨ

ᠳᠠᠠᠳᠤᠷ ᠮᠦᠨᠳᠤᠷ ᠠᠯᠬᠤᠭᠠᠨ ᠳᠤ ᠪᠠᠨ ᠳᠡᠯᠡᠭᠡᠢ ᠶᠢᠨ ᠵᠤᠯᠠᠢ ᠳᠤ ᠡᠵᠢ ᠶᠢᠨ ᠰᠡᠳᠭᠢᠯ ᠠᠷᠭᠠᠳᠠᠨ

ᠳᠦᠷᠦᠭᠡᠨ ᠳᠠᠭᠤᠨ ᠳᠤ ᠨᠠᠷᠠᠨ ᠤ ᠭᠡᠷᠡᠯ ᠰᠦᠨ ᠤ ᠥᠩᠭᠡ ᠪᠠᠷ ᠰᠠᠷᠪᠠᠯᠵᠠᠨ ᠣᠬᠠᠭ᠎ᠠ ᠬᠠᠢ᠌ᠷᠠᠯᠠᠭᠰᠠᠨ

ᠡᠵᠢ ᠶᠢᠨ ᠬᠠᠢ᠌ᠷ᠎ᠠ ᠳᠤ ᠳᠡᠯᠡᠭᠡᠢ ᠣᠶᠠᠷᠠᠨ᠎ᠠ


ᠳᠠᠯ᠎ᠠ ᠶᠢᠨ ᠡᠩᠭᠡᠷ ᠤᠨ ᠰᠠᠯᠭᠢᠨ ᠨᠤᠭᠤᠭᠠᠨ ᠴᠠᠭᠠᠨ ᠶᠢᠡᠷ ᠰᠡᠪᠠᠯᠵᠡᠭᠦ ᠳ᠋ᠤ

ᠳᠠᠭᠠᠭᠢ ᠶᠢᠨ ᠰᠡᠪᠠᠯᠵᠡᠭᠡᠨ ᠭᠠᠵᠠᠷ ᠤᠨ ᠳᠤᠯᠭᠢᠶᠠᠨ ᠠᠮᠢ ᠶᠢᠨ ᠨᠠᠢ᠌ᠷ ᠮᠤᠷᠤᠯᠵᠠᠨ

ᠳᠠᠭᠠᠨ᠎ᠠ ᠭᠡᠵᠤ ᠨᠡᠭᠡᠯ ᠪᠣᠯᠬᠤ ᠳᠤ ᠭᠠᠯ ᠰᠥ᠋ ᠨᠢᠳᠤᠨ ᠤ ᠴᠡᠴᠡᠭᠡᠢ ᠪᠠᠷ ᠡᠷᠭᠢᠯᠳᠦᠭ᠍ᠰᠡᠨ

ᠳᠠᠮᠢᠷ ᠤᠨ ᠥᠭᠡᠳᠡᠰᠤ ᠰᠡᠳᠭᠢᠯ ᠳᠤ ᠴᠠᠯᠭᠢᠬᠤ ᠨᠢ ᠭᠤᠤᠯ ᠤᠨ ᠠᠷ ᠮᠠᠳᠤ ᠨᠠᠳᠠ ᠶᠢ ᠣᠭᠢᠶᠠᠨ᠎ᠠ

ᠡᠵᠢ ᠶᠢᠨ ᠬᠠᠢ᠌ᠷ᠎ᠠ ᠳᠤ ᠳᠡᠯᠡᠭᠡᠢ ᠣᠶᠠᠷᠠᠨ᠎ᠠ


ᠣᠳᠤᠳ ᠤᠨ ᠪᠦᠪᠠᠢ ᠲᠡᠶ ᠬᠠᠨ ᠬᠤᠷᠸ᠎ᠠ ᠰᠦᠨᠢ ᠪᠠᠨ ᠰᠥᠯᠡᠭᠦ ᠪᠠᠷ

ᠠᠮᠳᠠᠳᠤ ᠨᠣᠢ᠌ᠷ ᠤᠨ ᠮᠦᠰᠢᠶᠠᠯ ᠳᠤ ᠪᠠᠷᠴᠢᠳ ᠨᠠᠳᠬᠤᠨ ᠦᠷᠭᠦᠯᠴᠡᠨ

ᠨᠠᠳᠠ ᠶᠢ ᠳᠡᠯᠡᠭᠡᠢ ᠵᠢᠨ ᠪᠠᠶᠠᠰᠤᠯ ᠭᠤᠨᠢᠭ ᠲᠡᠶ ᠬᠤᠯᠪᠤᠨ ᠪᠣᠭᠤᠷᠤᠯᠳᠤᠭᠰᠠᠨ

ᠨᠤᠮᠤᠬᠠᠨ ᠡᠵᠢ ᠶᠢᠨ ᠳᠠᠯᠠᠢ ᠬᠠᠢ᠌ᠷ᠎ᠠ ᠳᠤ ᠰᠢᠯᠦᠭ᠌ ᠦᠨᠢᠳᠠ ᠬᠤᠮᠰᠠᠳᠠᠨ᠎ᠠ

ᠡᠵᠢ ᠶᠢᠨ ᠬᠠᠢ᠌ᠷ᠎ᠠ ᠳᠤ ᠳᠡᠯᠡᠭᠡᠢ ᠣᠶᠠᠷᠠᠨ᠎ᠠ


ᠣᠰᠤ ᠭᠤᠤᠯ ᠤᠨ ᠶᠢᠠᠨ ᠤᠶᠠᠩ‍ᠭ᠎ᠠ ᠶᠢᠨ ᠴᠤᠤᠷᠢᠶᠠᠨ ᠳᠠᠭᠠᠵᠤ

ᠬᠠᠢ᠌ᠷ᠎ᠠ ᠨᠢᠭᠡ ᠪᠢᠰᠢ ᠰᠥᠭᠦᠷᠡᠨ ᠡᠵᠢ ᠶᠢᠨ ᠰᠡᠳᠭᠢᠯ ᠳᠤ ᠴᠢᠯᠠᠭᠤ ᠵᠥᠭᠡᠯᠡᠯᠡᠨ᠎ᠡ

ᠣᠠᠳᠤᠷᠤᠯ ᠤᠨ ᠳᠠᠪᠵᠢᠶᠠᠨ ᠳᠤ ᠭᠠᠯ ᠤᠨ ᠣᠬᠠᠭ᠎ᠠ ᠰᠡᠭᠡᠭᠡᠵᠤ

ᠬᠠᠳᠠᠨ ᠤ ᠡᠩᠭᠡᠷ ᠶᠢᠡᠷ ᠠᠮᠢᠳᠤᠷᠠᠯ ᠤᠨ ᠨᠢᠷᠤᠭᠤ ᠳᠡᠨᠡᠢ᠌ᠭᠦ ᠳᠤ

ᠡᠵᠢ ᠶᠢᠨ ᠴᠢᠷᠠᠢ ᠳᠠᠯ᠎ᠠ ᠶᠢᠨ ᠡᠯᠢᠭᠡ ᠰᠢᠭ᠌ ᠦᠷᠤᠪ ᠴᠦᠷᠤᠪ ᠳᠠᠳᠠᠯᠳᠤᠨ᠎ᠠ

ᠡᠵᠢ ᠶᠢᠨ ᠬᠠᠢ᠌ᠷ᠎ᠠ ᠳᠤ ᠳᠡᠯᠡᠭᠡᠢ ᠣᠶᠠᠷᠠᠨ᠎ᠠ

ᠰᠥ᠋ ᠪᠣᠯ ᠰᠥᠰᠦᠭ᠌ ᠤᠨ ᠦᠨᠳᠦᠷ ᠭᠡᠭᠦ ᠭᠦᠭᠡ ᠳᠡᠭ᠍ᠷᠢ ᠴᠡᠩᠭᠡᠷᠯᠡᠨ ᠳᠤᠶᠠᠭᠠᠷᠠᠨ᠎ᠠ

ᠠᠮᠢᠨ ᠤ ᠮᠢᠨᠢ ᠠᠯᠳᠠᠩᠬᠠᠨ ᠭᠤᠯᠤᠮᠳᠠ ᠳᠠᠯ᠎ᠠ ᠶᠢᠨ ᠳᠤᠷᠭᠠᠨ ᠨᠤᠭᠤᠭᠠᠨ ᠳᠠᠪᠠᠯ

ᠡᠮᠧ ᠶᠢᠨ ᠬᠠᠪᠣᠷ ᠨᠠᠮᠤᠷ ᠲᠤ ᠣᠨᠠᠭᠠᠨ ᠨᠠᠰᠤ ᠶᠢᠨ ᠵᠠᠮ ᠤᠨ ᠳᠤᠭᠤᠰᠤ ᠡᠵᠢ ᠶᠢᠨ ᠬᠠᠴᠠᠷ ᠲ᠋ᠤ ᠰᠢᠩᠭᠡᠵᠤ ᠬᠠᠷᠠᠭᠳᠠᠨ᠎ᠠ

ᠡᠮᠳᠡᠷᠭᠡᠢ ᠰᠠᠷᠠᠨ ᠤ ᠳᠤᠭᠤᠯᠠᠩ ᠨᠢᠯᠪᠣᠰᠤ ᠡᠭᠡᠰᠢᠭ᠌ ᠢᠷᠠᠭᠤᠬᠠᠨ ᠦᠷᠯᠦᠭ᠌ ᠭᠡᠯᠡᠨ ᠤ ᠵᠠᠢ ᠪᠠᠷ

ᠨᠠᠪᠴᠢᠨ ᠤ ᠨᠤᠭᠤᠭᠠᠨ ᠳᠠᠪᠠᠯᠭᠠᠨ ᠰᠢᠭ ᠨᠠᠳᠠ ᠵᠥᠭ᠌ ᠨᠠᠢ᠌ᠭᠤᠵᠤ ᠵᠡᠭᠦᠳᠦᠯᠡᠭ᠍ᠳᠡᠨ᠎ᠡ

ᠡᠵᠢ ᠶᠢᠨ ᠬᠠᠢ᠌ᠷ᠎ᠠ ᠳᠤ ᠳᠡᠯᠡᠭᠡᠢ ᠣᠶᠠᠷᠠᠨ᠎ᠠ


ᠭᠦᠭ᠍ᠰᠢᠨ ᠡᠵᠢ ᠶᠢᠨ ᠵᠠᠭᠤᠨ ᠦᠷᠴᠢᠯᠡᠭᠡᠰᠦᠳᠤ ᠨᠢᠳᠤᠨ ᠤ ᠭᠢᠨ ᠵᠤᠪᠭᠢᠨ ᠳ᠋ᠤ

ᠭᠠᠯ ᠶᠢᠡᠨ ᠮᠠᠨᠠᠭᠰᠠᠨ ᠴᠠᠰᠤ ᠪᠠᠨ ᠬᠠᠶᠠᠭᠰᠠᠨ ᠡᠭᠦᠳᠡ ᠪᠠᠨ ᠭᠡᠭᠡᠯᠡᠭ᠍ᠰᠡᠨ

ᠭᠦᠯ ᠤᠨ ᠭᠢᠨᠢ ᠮᠦᠷ ᠨᠠᠳᠠ ᠵᠥᠭ᠌ ᠨᠠᠷᠠᠨ ᠤ ᠳᠤᠶᠠᠭ᠎ᠠ ᠲᠡᠶ ᠵᠠᠭᠢᠵᠤ ᠢᠷᠠᠨ᠎ᠡ

ᠰᠡᠳᠭᠢᠯ ᠶᠢᠨ ᠭᠢᠨᠢ ᠰᠦᠨᠠᠰᠤ ᠦᠷᠪᠠᠯᠭᠡ ᠶᠢ ᠨᠢ ᠳᠠᠭᠠᠵᠤ ᠭᠡᠢ᠌ᠰᠭᠦ ᠳ᠋ᠤ

ᠥᠡᠳᠦᠷᠯᠢᠭ᠌ ᠤᠨ ᠣᠯᠠᠨ ᠭᠤᠤᠯ ᠮᠦᠷᠠᠨ ᠣᠷᠤᠰᠬᠠᠯ ᠳᠤ ᠪᠠᠨ ᠵᠡᠭᠦᠳᠤᠨ ᠤ ᠡᠩᠭᠦᠷᠡᠢ ᠲᠡᠶ ᠦᠨᠦᠰᠤᠨ ᠥᠭᠦᠭᠡᠷᠳᠤᠨ᠎ᠡ

ᠡᠵᠢ ᠶᠢᠨ ᠬᠠᠢ᠌ᠷ᠎ᠠ ᠳᠤ ᠳᠡᠯᠡᠭᠡᠢ ᠣᠶᠠᠷᠠᠨ᠎ᠠ



        ᠠᠪᠣ ᠶᠢᠨ ᠮᠢᠨᠢ ᠳᠤᠯᠠᠭᠠᠨ ᠡᠩᠭᠡᠷ  


ᠪᠠᠯᠴᠢᠷ ᠦᠶ᠎ᠡ ᠶᠢᠨ ᠳᠡᠷᠢᠭᠦᠨ ᠨᠠᠢ᠌ᠷ ᠪᠣᠯ ᠠᠪᠣ ᠶᠢᠨ ᠮᠢᠨᠢ ᠳᠤᠯᠠᠭᠠᠨ ᠡᠩᠭᠡᠷ ᠪᠢᠯᠠ

ᠪᠠᠢ᠌ᠳᠠᠭ ᠬᠤᠷᠸ᠎ᠠ ᠵᠢᠵᠢᠭ᠍ᠷᠡᠨ ᠠᠭᠤᠯᠠᠨ ᠤ ᠳ᠋ᠠ ᠪᠣᠯᠵᠤ ᠪᠢ ᠪᠠᠶᠠᠰᠤᠨ ᠭᠦᠭᠡᠷᠳᠡᠭ᠌ ᠪᠢᠯᠠ


ᠬᠡᠦᠬᠡᠳ ᠨᠠᠰᠤᠨ ᠤ ᠣᠮᠤᠭ ᠵᠤᠯᠢ ᠪᠣᠯ ᠠᠪᠣ ᠶᠢᠨ ᠮᠢᠨᠢ ᠳᠤᠯᠠᠭᠠᠨ ᠡᠩᠭᠡᠷ ᠪᠢᠯᠠ

ᠬᠠᠢ᠌ᠷ᠎ᠠ ᠶᠢᠨ ᠳᠠᠯᠠᠢ ᠳᠤ ᠱᠤᠩᠪᠠᠨ ᠳᠡᠢ᠌ᠴᠡᠭᠡᠳ ᠪᠢ ᠨᠤᠭᠤᠭᠠᠠᠨ ᠤ ᠳᠠᠭ᠎ᠠ ᠪᠢᠯᠠ


ᠣᠨᠠᠭᠠᠨ ᠨᠠᠰᠤᠨ ᠤ ᠭᠦᠭᠡ ᠳᠡᠭ᠍ᠷᠢ ᠪᠣᠯ ᠠᠪᠣ ᠶᠢᠨ ᠮᠢᠨᠢ ᠳᠤᠯᠠᠭᠠᠨ ᠡᠪᠦᠷ ᠪᠢᠯᠠ

ᠣᠯᠵᠠᠷᠬᠠᠨ ᠳᠠᠪᠳᠠᠷᠢᠨ ᠨᠢᠰᠤᠮᠠᠷ ᠱᠤᠯᠤᠭᠠᠨᠠᠨ ᠪᠢ ᠣᠷᠠᠨ ᠰᠢᠪᠠᠭᠤᠬᠠᠢ ᠪᠢᠯᠠ


ᠨᠢᠯᠬ᠎ᠠ ᠶᠢᠨ ᠴᠠᠭ ᠲᠤ ᠬᠠᠢ᠌ᠷ᠎ᠠ ᠶᠢᠨ ᠭᠠᠴᠤᠷ᠎ᠠ ᠪᠣᠯ ᠠᠪᠣ ᠶᠢᠨ ᠮᠢᠨᠢ ᠳᠤᠯᠠᠭᠠᠨ ᠡᠩᠭᠡᠷ ᠪᠢᠯᠠ

ᠨᠠᠢ᠌ᠭᠤᠬᠤ ᠭᠠᠩᠬᠤᠭᠠᠨ ᠳᠤ ᠨᠢ ᠪᠢ ᠰᠤᠭᠳᠤᠭᠤᠷᠠᠨ ᠣᠠᠳᠠᠴᠢᠬᠠᠬᠤ ᠠᠮᠳᠠᠳᠤ ᠵᠡᠭᠦᠳᠤᠨ ᠪᠢᠯᠡ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 15334
ᠴᠠᠭ᠄ 2012 ᠤᠨ ᠤ 08 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ