ᠨᠡᠪᠲᠡᠷᠡᠨ ᠤᠷᠤᠬᠤ
ᠴᠠᠭᠠᠨ ᠰᠢᠭᠦᠳᠡᠷᠡᠢ

ᠴᠠᠭᠠᠨ ᠰᠢᠭᠦᠳᠡᠷᠢ ( ᠭᠢᠷᠠᠭᠤ ᠣᠨᠠᠬᠤ ) ᠵᠢᠯ ᠤᠨ ᠬᠤᠷᠢᠨ ᠳᠦᠷᠪᠡᠨ ᠴᠠᠭ ᠣᠯᠠᠷᠢᠯ ᠤᠨ ᠨᠢᠭᠡ ᠨᠢ᠂ ᠠᠷᠪᠠᠨ ᠳᠠᠪᠣᠳᠤᠭᠠᠷ ᠴᠠᠭ ᠣᠯᠠᠷᠢᠯ ᠪᠣᠯᠤᠨ᠎ᠠ᠃ ᠪᠠᠷᠤᠭ ᠵᠢᠯ ᠪᠦᠷᠢ ᠶᠢᠨ ᠶ‍ᠢᠰᠤᠨ ᠰᠠᠷ᠎ᠠ ᠶᠢᠨ ᠳᠤᠯᠤᠭᠠᠨ ᠪᠠ ᠨᠢ᠋ᠮᠠᠨ ᠶᠢᠡᠷ ᠪᠣᠯᠳᠠᠭ᠃ ᠰᠦᠨᠢ ᠳᠡᠭᠡᠨ ᠰᠡᠷᠢᠭᠦᠨ ᠪᠣᠯᠵᠤ ᠡᠪᠠᠰᠤᠨ ᠣᠷᠤᠢ ᠳᠡᠭᠡᠭᠦᠷ ᠴᠠᠭᠠᠨ ᠰᠢᠭᠦᠳᠡᠷᠢ ᠪᠠᠭᠤᠵᠤ ᠮᠦᠰᠤ ᠭᠦᠯᠳᠡᠨ᠎ᠡ᠃ ᠳᠤᠰ ᠣᠯᠠᠷᠢᠯ ᠡᠴᠠ ᠡᠭᠢᠯᠡᠵᠤ ᠴᠠᠭ ᠠᠭᠤᠷ ᠤᠨ ᠳᠤᠯᠠᠭᠠᠨ ᠤ ᠭᠡᠮᠵᠢᠶ᠎ᠡ ᠳᠤᠤᠷᠤᠭᠰᠢᠯᠠᠵᠤ᠂ ᠭᠦᠢᠳᠡᠨ ᠰᠢᠭ᠌ ᠪᠣᠯᠤᠨ᠎ᠠ᠃ ᠮᠠᠨ ᠤ ᠣᠯᠤᠰ ᠤᠨ ᠴᠠᠭᠠᠨ ᠰᠢᠭᠦᠳᠡᠷᠢ ᠶᠢ ᠭᠤᠷᠪᠠᠨ ᠣᠯᠠᠷᠢᠯ ᠤᠨ ᠰᠢᠠᠵᠢ ᠪᠣᠯᠭᠠᠨ ᠬᠤᠪᠢᠶᠠᠳᠠᠭ ᠪᠢᠯᠠ᠂ ᠨᠢᠭᠡ ᠨᠢ᠄ ᠨᠡᠭᠦᠳᠡᠯ ᠭᠠᠯᠠᠭᠤ ᠢᠷᠡᠭᠦ᠂ ᠨᠥᠭᠦᠭᠡ ᠨᠢ᠄ ᠨᠡᠭᠦᠳᠡᠯ ᠤᠨ ᠬᠠᠷᠢᠶᠠᠴᠠᠢ ᠪᠣᠴᠠᠬᠤ᠂ ᠪᠠᠰᠠ ᠨᠢᠭᠡ ᠨᠢ᠄ ᠨᠡᠭᠦᠳᠡᠯ ᠤᠨ ᠰᠢᠪᠠᠭᠤᠳ ᠪᠠᠶ᠎ᠠ ᠪᠠᠨ ᠠᠰᠠᠷᠠᠨ ᠳᠡᠵᠢᠭᠡᠨ᠎ᠡ᠃ ᠡᠨᠡ ᠣᠯᠠᠷᠢᠯ ᠡᠴᠠ ᠡᠭᠢᠯᠡᠨ ᠭᠠᠯᠠᠭᠤ ᠨᠤᠭᠤᠰᠤ᠂ ᠬᠠᠷᠢᠶᠠᠴᠠᠢ ᠰᠢᠪᠠᠭᠤᠳ ᠡᠮᠦᠨ᠎ᠡ ᠣᠷᠤᠨ ᠳᠠᠭᠠᠨ ᠪᠣᠴᠠᠨ ᠬᠠᠷᠢᠵᠤ ᠭᠦᠢᠳᠡᠨ ᠡᠪᠦᠯ ᠢ ᠥᠩᠭᠡᠷᠡᠭᠡᠨ᠎ᠡ᠃ ᠲᠦᠷᠦᠯ ᠪᠦᠷᠢ ᠶᠢᠨ ᠰᠢᠪᠠᠭᠤᠳ ᠳᠤᠯᠠᠭᠠᠨ ᠡᠭᠦᠷ ᠶᠢᠡᠨ ᠪᠠᠷᠢᠵᠤ᠂ ᠵᠢᠮᠢᠰ ᠳᠠᠷᠢᠶ᠎ᠠ ᠴᠤᠭᠯᠠᠭᠤᠯᠤᠨ ᠳᠠᠰᠭᠢᠮ᠎ᠠ ᠡᠪᠦᠯ ᠤᠨ ᠭᠦᠢᠳᠡᠨ ᠢ ᠥᠩᠭᠡᠷᠡᠭᠦᠯᠭᠦ ᠪᠠᠷ ᠪᠠᠯᠡᠳᠭᠡᠨ᠎ᠡ᠃ ᠴᠠᠭᠠᠨ ᠰᠢᠭᠦᠳᠡᠷᠢ ᠪᠣᠯ ᠭᠡᠷᠡᠭ᠌ ᠳᠡᠭᠡᠷ᠎ᠡ ᠪᠠᠨ ᠴᠠᠭ ᠠᠭᠤᠷ ᠭᠦᠢᠳᠡᠨ ᠪᠣᠯᠤᠭᠰᠠᠨ ᠤ ᠰᠢᠠᠵᠢ ᠳᠡᠮᠳᠡᠭ᠌᠂ ᠡᠪᠠᠰᠤᠨ ᠣᠷᠤᠢ ᠪᠠ ᠮᠤᠳᠤᠨ ᠤ ᠨᠠᠪᠴᠢ ᠮᠦᠴᠷᠷ ᠳᠡᠭᠡᠷ᠎ᠡ ᠴᠠᠭᠠᠨ ᠮᠦᠰᠤ ᠭᠦᠯᠳᠡᠵᠤ᠂ ᠭᠦᠮᠤᠨ ᠠᠮᠢᠳᠠᠨ ᠠᠮᠢᠰᠬᠤᠬᠤ ᠳᠤ ᠴᠠᠭᠠᠨ ᠠᠭᠤᠷ ᠭᠠᠷᠤᠨ᠎ᠠ᠃

ᠵᠤᠬᠢᠶᠠᠭᠴᠢ ᠶᠢᠨ ᠬᠠᠶ‍ᠢᠭ ᠄ ᠧᠡᠩᠭᠢ ᠶᠢᠨ ᠳᠸᠯᠸᠢᠰ ᠬᠤᠷᠢᠶ᠎ᠠ


ᠵᠤᠬᠢᠶᠠᠭᠴᠢ᠄ ᠥᠭᠡᠯᠡᠳ · ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠨᠵᠢᠯᠡᠭᠡ ᠮᠡᠷᠭᠡᠵᠢᠯ
ᠳᠠᠷᠤᠮ᠄ 5510
ᠴᠠᠭ᠄ 2011 ᠤᠨ ᠤ 09 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ