ᠨᠡᠪᠲᠡᠷᠡᠨ ᠤᠷᠤᠬᠤ
ᠴᠢᠨᠤ ᠦᠨᠦᠷ

ᠴᠢᠨᠤ ᠦᠨᠦᠷ

ᠴᠡᠴᠡᠭ᠌ ᠤᠨ ᠦᠨᠦᠷ ᠳᠠᠢ

ᠴᠡᠴᠡᠭ᠌ ᠡᠴᠡ ᠰᠠᠢ᠌ᠬᠠᠨ

ᠰᠡᠳᠭᠢᠯ ᠤᠨ ᠥᠩᠭᠦᠷ ᠳᠠᠢ


ᠦᠨᠦᠷ ᠢ ᠴᠢᠨᠢ ᠳᠠᠭᠠᠭᠠᠤᠨ ᠰᠡᠳᠭᠢᠯ ᠳᠠᠷᠪᠠᠨ᠎ᠡ

ᠦᠷᠦᠭᠡᠯ ᠡᠴᠡ ᠬᠠᠷᠠᠮᠨᠠᠭᠠᠤᠨ ᠬᠠᠢ᠌ᠷ᠎ᠠ ᠳᠠᠷᠪᠠᠨ᠎ᠠ

ᠥᠵᠡᠭᠡᠳ ᠬᠠᠨᠤᠬᠤ ᠦᠭᠡᠶ ᠨᠢᠳᠤ ᠳᠤᠭᠳᠠᠨ᠎ᠠ

ᠥᠨᠦᠰᠦᠭᠡᠳ ᠬᠠᠨᠤᠬᠤ ᠦᠭᠡᠶ ᠪᠣᠳᠤᠯ ᠰᠤᠭᠳᠤᠨ᠎ᠠ

ᠥᠭᠡ ᠭᠡᠯᠡᠮᠡᠷᠭᠡᠨ ᠨᠢᠳᠤᠨ ᠳᠤ ᠴᠢᠨᠢ ᠬᠤᠷᠭᠤᠳᠠᠨ᠎ᠠ

ᠥᠶᠡᠷᠭᠡᠮᠡᠷ ᠳᠤᠳᠤᠨᠤ ᠠᠭᠠᠯᠢ ᠳᠤ ᠴᠢᠨᠢ ᠳᠤᠷᠤᠭᠳᠠᠨ᠎ᠠ

ᠴᠢᠳᠤᠷ ᠲᠡᠶ ᠮᠤᠷᠢ ᠪᠠᠨ ᠠᠯᠳᠠᠵᠤ ᠬᠤᠨᠤᠨ᠎ᠠ

ᠴᠢᠯᠦᠭᠡ ᠡᠷᠭᠡ ᠳᠠᠰᠢ ᠨᠡᠭᠦᠳᠡᠯᠯᠡᠵᠤ ᠬᠤᠨᠤᠨ᠎ᠠ



ᠵᠤᠬᠢᠶᠠᠭᠴᠢ ᠶᠢᠨ ᠬᠠ‍‌ᠶ‍ᠢᠭ ᠄ ᠬᠤᠤᠯᠢᠨ ᠭᠤᠤᠯ

ᠵᠤᠬᠢᠶᠠᠭᠴᠢ᠄ ᠪᠣᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2647
ᠴᠠᠭ᠄ 2010 ᠤᠨ ᠤ 10 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ