ᠨᠡᠪᠲᠡᠷᠡᠨ ᠤᠷᠤᠬᠤ
ᠴᠢᠨᠤ ᠶᠠᠪᠣᠭᠰᠠᠨ ᠵᠥᠭ᠌ ᠪᠢ ᠴᠢᠯᠠᠭᠤ ᠪᠣᠯᠵᠤ ᠣᠷᠭᠤᠯ᠎ᠠ

ᠳᠠᠷᠠ ᠵᠢᠯ ᠤᠨ ᠨᠠᠮᠤᠷ ᠴᠢ

ᠨᠠᠪᠴᠢᠰ ᠲᠡᠶ ᠬᠠᠮᠳᠤ ᠳᠠᠷᠪᠠᠵᠤ

ᠨᠠᠮ᠎ᠠ ᠶᠢ ᠬᠠᠶᠠᠵᠤ ᠶᠠᠪᠣᠭᠰᠠᠨ

ᠨᠢᠴᠦᠭᠦᠨ ᠣᠢ ᠨᠢ ᠳᠠᠩᠳᠠ ᠱᠤᠤᠭᠢᠨ᠎ᠠ

ᠱᠤᠤᠭᠢᠶᠠᠨ ᠳᠤ ᠨᠢ ᠴᠢᠨᠤ ᠴᠢᠮᠡᠭᠡ ᠳᠤᠭᠤᠯᠳᠠᠨ᠎ᠠ

ᠳᠠᠷᠠ ᠴᠢᠮᠡᠭᠡ ᠶᠢ ᠨᠢ ᠴᠢᠩᠨᠠᠨ ᠴᠢᠩᠨᠠᠵᠤ

ᠴᠢᠨᠤ ᠶᠠᠪᠣᠭᠰᠠᠨ ᠵᠥᠭ᠌ ᠪᠢ

ᠴᠢᠯᠠᠭᠤ ᠪᠣᠯᠵᠤ ᠣᠷᠭᠤᠯ᠎ᠠ

ᠬᠣᠢ᠌ᠨ᠎ᠠ ᠴᠢᠨᠢ ᠳᠡᠭ᠍ᠳᠡᠭ᠍ᠰᠡᠨ ᠳᠤᠭᠤᠰᠤᠨ ᠳᠤ

ᠬᠤᠷᠮᠤᠢ ᠶᠢᠨ ᠴᠢᠨᠢ ᠦᠨᠦᠷ ᠥᠨᠦᠷᠳᠦᠭ᠍ᠳᠡᠨ᠎ᠡ

ᠳᠠᠷᠠ ᠦᠨᠦᠷ ᠲᠤ ᠨᠢ

ᠬᠠᠮᠠᠷ ᠶᠢᠡᠨ ᠳᠦᠷᠦᠯᠡᠭᠦᠯᠦᠭ᠍ᠰᠡᠨ ᠪᠣᠳᠤᠭᠤ ᠮᠠᠳᠤ

ᠬᠤᠶᠠᠷ ᠨᠢᠳᠤ ᠪᠠᠨ ᠨᠢᠯᠪᠣᠰᠤ ᠪᠠᠷ ᠠᠷᠭᠠᠳᠠᠵᠤ

ᠴᠢᠨᠤ ᠶᠠᠪᠣᠭᠰᠠᠨ ᠵᠥᠭ᠌ ᠪᠢ

ᠴᠢᠯᠠᠭᠤ ᠪᠣᠯᠵᠤ ᠣᠷᠭᠤᠯ᠎ᠠ

ᠭᠢᠯᠠᠭᠠᠨ᠎ᠠ ᠶᠢᠨ ᠳᠦᠷᠦᠭᠦᠤ ᠨᠤᠭᠤᠷᠠᠭᠤᠯᠤᠭᠰᠠᠨ

ᠬᠠᠳᠠᠭᠤ ᠭᠤᠳᠤᠯ ᠤᠨ ᠴᠢᠨᠢ ᠮᠦᠷ

ᠬᠤᠪᠳᠤᠯ ᠳᠡᠭᠡᠭᠦᠷ ᠳᠤᠷᠠᠢ᠌ᠨ᠎ᠠ

ᠬᠤᠳᠣᠢ᠌ᠳᠠᠯ᠎ᠠ ᠭᠢᠰᠭᠢᠭ᠍ᠳᠡᠭ᠍ᠰᠡᠨ ᠵᠢᠷᠦᠭᠡᠨ ᠰᠢᠷᠬ᠎ᠠ ᠪᠠᠨ

ᠬᠤᠶᠠᠷ ᠠᠯᠠᠭ᠎ᠠ ᠪᠠᠷ ᠶᠢᠡᠨ ᠵᠥᠭᠡᠯᠡᠨ ᠢᠯᠪᠢᠵᠤ

ᠴᠢᠨᠤ ᠶᠠᠪᠣᠭᠰᠠᠨ ᠵᠥᠭ᠌ ᠪᠢ

ᠴᠢᠯᠠᠭᠤ ᠪᠣᠯᠵᠤ ᠣᠷᠭᠤᠯ᠎ᠠ

ᠴᠢᠨᠤ ᠵᠥᠭ᠌ ᠤᠨ ᠰᠠᠯᠭᠢᠨ ᠤ

ᠥᠯᠢᠶᠡᠭᠦ ᠨᠢ ᠳᠠᠩᠳᠠ ᠡᠶᠡᠪᠠᠷᠭᠦᠤ

ᠠᠯᠠᠭᠠᠨ ᠳᠤ ᠪᠠᠨ ᠳᠠᠯᠪᠢᠨ ᠥᠨᠦᠰᠭᠦ ᠳᠤ

ᠠᠯᠠᠭ ᠬᠤᠶᠠᠷ ᠨᠢᠳᠤᠨ ᠤ ᠴᠢᠨᠢ

ᠠᠮᠠᠷᠠᠭ ᠭᠡᠷᠡᠯ ᠠᠮᠳᠠᠭᠳᠠᠨ᠎ᠠ

ᠠᠮᠳᠠᠯᠠᠵᠤ ᠬᠠᠩᠬᠤ ᠦᠭᠡᠶ ᠬᠠᠤᠬᠤᠨ ᠳᠤ ᠨᠢ

ᠠᠷᠭ᠎ᠠ ᠦᠭᠡᠶ ᠰᠦᠷᠡᠭᠡᠢ ᠰᠤᠭᠳᠤᠵᠤ

ᠴᠢᠨᠤ ᠶᠠᠪᠣᠭᠰᠠᠨ ᠵᠥᠭ᠌ ᠪᠢ

ᠴᠢᠯᠠᠭᠤ ᠪᠣᠯᠵᠤ ᠣᠷᠭᠤᠯ᠎ᠠ

ᠮᠢᠨᠤ ᠬᠠᠪᠣᠷ ᠲᠤ ᠳᠡᠯᠭᠡᠷᠡᠭᠦ

ᠴᠡᠴᠡᠭ᠌ ᠨᠢ ᠴᠢᠨᠤ ᠦᠨᠦᠷ ᠲᠡᠶ

ᠠᠩᠭᠢᠯᠤᠮ᠎ᠠ ᠳᠠᠷᠠ ᠴᠡᠴᠡᠭ᠌ ᠤᠨ ᠴᠢᠨᠢ

ᠳᠠᠯᠪᠢ ᠳᠡᠭᠡᠷ᠎ᠡ ᠨᠢ ᠡᠷᠪᠠᠭᠡᠢ ᠬᠤᠪᠢᠯᠤᠨ

ᠨᠠᠮᠤᠷ ᠪᠣᠯᠳᠠᠯ᠎ᠠ ᠪᠦᠵᠢᠭᠯᠡᠵᠤ

ᠴᠢᠨᠤ ᠶᠠᠪᠣᠭᠰᠠᠨ ᠵᠥᠭ᠌ ᠪᠢ

ᠴᠢᠯᠠᠭᠤ ᠪᠣᠯᠵᠤ ᠣᠷᠭᠤᠯ᠎ᠠ

ᠴᠢᠨᠤ ᠰᠢᠪᠠᠨᠡᠭ᠍ᠰᠡᠨ ᠥᠭᠡ ᠴᠢᠨᠢ

ᠴᠢᠩᠭᠢᠨᠠᠮ᠎ᠠ ᠬᠤᠩᠬᠤᠨ ᠳᠠᠭᠤᠨ ᠲᠡᠶ

ᠣᠳᠠᠳᠠᠯ᠎ᠠ ᠵᠤᠭᠰᠤᠬᠤ ᠦᠭᠡᠶ ᠭᠦᠩᠭᠢᠨᠡᠨ ᠳᠤ ᠨᠢ

ᠣᠶᠠᠨ ᠵᠥᠭᠡᠯᠡᠨ ᠭᠦᠭ᠌ ᠳᠠᠢ

ᠣᠶᠠᠩᠭ᠋ᠠᠯᠢᠭ ᠨᠠᠮᠤᠭᠤᠬᠠᠨ ᠠᠶᠠᠰ ᠲᠤ ᠨᠢ

ᠣᠬᠠᠭ᠎ᠠ ᠰᠠᠷᠠᠯ ᠮᠢᠨᠢ ᠭᠡᠢ᠌ᠷᠭᠡᠵᠤ

ᠣᠠᠳᠠᠬᠤ ᠨᠣᠢ᠌ᠷ ᠪᠠᠨ ᠪᠣᠯᠭᠢᠵᠤ

ᠴᠢᠨᠤ ᠶᠠᠪᠣᠭᠰᠠᠨ ᠵᠥᠭ᠌ ᠪᠢ

ᠴᠢᠯᠠᠭᠤ ᠪᠣᠯᠵᠤ ᠣᠷᠭᠤᠯ᠎ᠠ


ᠵᠤᠬᠢᠶᠠᠭᠴᠢ ᠶᠢᠨ ᠬᠠ‍‌ᠶᠢᠭ ᠄ ᠵᠠᠷᠤᠳ᠂ ᠭᠠᠬᠠᠢ᠌ᠳᠤ

ᠵᠤᠬᠢᠶᠠᠭᠴᠢ᠄ ᠭᠦᠭᠡ᠊ᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2011 ᠤᠨ ᠤ 03 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ