☆ ᠵᠢᠯᠠᠮ·ᠮᠠᠠᠳᠤᠪᠠᠶᠠᠷ
ᠮᠢᠨᠤ ᠪᠠᠭᠰᠢ
ᠡᠷᠳᠡᠨᠢᠴᠢᠮᠡᠭ᠌ ᠭᠡᠵᠤ ᠮᠢᠨᠤ ᠪᠠᠭᠰᠢ
ᠡᠭᠡᠯ ᠤᠨ ᠡᠭᠡᠯ ᠪᠠᠭᠰᠢ ᠠᠳᠠᠯ᠎ᠠ ᠪᠠᠨ
ᠡᠷᠭᠢᠮᠰᠦᠭ᠌ ᠳᠡᠭᠡᠳᠤ
ᠡᠷᠭᠢᠯᠡᠭ᠍ᠴᠢ ᠪᠠᠭᠰᠢ
ᠣᠯᠠᠨ ᠠᠪᠣ ᠶᠢᠨ ᠭᠦᠪᠠᠭᠦᠤᠨ
ᠣᠯᠠᠨ ᠡᠵᠢ ᠶᠢᠨ ᠦᠬᠢᠳ ᠢ
ᠡᠯᠢᠭᠡᠨ ᠳᠡᠭᠡᠨ ᠡᠩᠭᠦᠷᠡᠢ᠌ᠯᠡᠵᠤ
ᠡᠷᠳᠡᠮ ᠶᠢᠡᠨ ᠰᠢᠮᠡᠭᠦᠯᠦᠭ᠍ᠰᠡᠨ
ᠡᠵᠢ ᠪᠠᠭᠰᠢ
ᠨᠢᠭᠡᠨ ᠢᠳᠡᠭᠡᠯ ᠶᠢᠡᠷ ᠣᠢ᠌ᠯᠠᠰ ᠲᠡᠭᠡᠨ ᠵᠢᠦᠡᠭᠦᠭ᠍ᠰᠡᠨ
ᠨᠢᠭᠡᠨ ᠰᠡᠳᠭᠢᠯ ᠶᠢᠡᠷ ᠪᠢᠳᠠᠨ ᠢ ᠬᠠᠢ᠌ᠷᠠᠯᠠᠭᠰᠠᠨ
ᠦᠷᠭᠡᠨ ᠪᠢᠯᠢᠭ᠌᠂ ᠥᠭ᠍ᠭᠢᠶᠡᠮᠦᠷ ᠪᠣᠶᠠᠨ ᠳᠠᠢ
ᠣᠢ᠌ᠯᠠᠰ ᠤᠨ ᠰᠠᠢ᠌ᠬᠠᠨ ᠪᠠᠭᠰᠢ ᠭᠦᠮᠤᠨ᠂
ᠠᠯᠢᠪᠠ ᠶᠢ ᠪᠢᠳᠠᠨ ᠤ ᠲᠦᠯᠦᠭᠡ ᠪᠣᠳᠤᠵᠤ
ᠠᠯᠢᠪᠠ ᠪᠠᠨ ᠪᠢᠳᠠᠨ ᠤ ᠲᠦᠯᠦᠭᠡ ᠵᠤᠷᠢᠭᠤᠯᠵᠤ
ᠠᠩᠭᠢ ᠠᠯᠪᠠᠨ ᠭᠡᠷ ᠤᠨ ᠬᠤᠭᠤᠷᠤᠠᠳᠤᠭᠢ ᠵᠠᠮ ᠢ ᠡᠯᠡᠭᠡᠭᠰᠡᠨ
ᠠᠷᠠᠤᠨ ᠤᠨ ᠰᠤᠷᠭᠠᠭᠤᠯᠢ᠂ ᠭᠡᠷ ᠤᠨ ᠳᠤᠮᠳᠠ ᠣᠯᠠ ᠪᠠᠨ ᠡᠯᠡᠭᠡᠭ᠍ᠰᠡᠨ
ᠠᠷᠠᠤᠨ ᠤᠨ ᠪᠠᠭᠰᠢ
ᠳᠡᠨᠡᠭ᠍ᠳᠡᠵᠤ ᠪᠢᠳᠠᠨ ᠳᠠᠨ ᠢ᠂ ᠵᠤᠪᠠᠭᠠᠬᠤ ᠳ᠋ᠤ
ᠳᠡᠭ᠍ᠰᠢᠯᠡᠵᠤ ᠳᠠ ᠮᠢᠨᠢ᠂ ᠪᠢᠳᠠᠨ ᠢ ᠰᠤᠷᠭᠠᠭᠰᠠᠨ
ᠡᠷᠳᠡᠮ ᠤᠨ ᠳᠦᠷᠦᠭᠡ ᠳᠤ ᠳᠦᠷᠦᠭᠡᠯᠦᠯᠡᠩᠭᠡᠨ
ᠢᠷᠡᠭᠡᠳᠦᠢ ᠵᠥᠭ᠌ ᠢᠯᠡᠭᠡᠭ᠍ᠰᠡᠨ
ᠡᠨᠡᠷᠢᠯᠳᠤ ᠪᠠᠭᠰᠢ
ᠬᠠᠯᠳᠤᠷᠢᠬᠤ ᠳᠤ ᠮᠢᠨᠢ ᠲᠦᠰᠢᠵᠤ
ᠬᠠᠵᠠᠢ᠌ᠬᠤ ᠳᠤ ᠮᠢᠨᠢ ᠳᠡᠭ᠍ᠰᠢᠯᠡᠳᠡᠭ᠌᠂ ᠪᠠᠭᠰᠢ ᠶᠢᠨ ᠵᠢᠠᠨ
ᠦᠷᠤ ᠵᠥᠭᠡᠯᠡᠨ ᠰᠡᠳᠭᠢᠯ ᠢ ᠨᠢ
ᠡᠵᠢ ᠲᠡᠶ ᠪᠠᠨ ᠵᠥᠢᠷᠯᠡᠭᠦ ᠡᠴᠡ ᠥᠭᠡᠷ᠎ᠡ ᠶᠠᠭᠠᠭᠢᠬᠤ ᠪᠣᠢ︖
ᠠᠴᠢ ᠡᠨᠡᠷᠢᠯ ᠤᠨ ᠭᠢᠨᠢ ᠬᠠᠷᠢᠭᠤ
ᠠᠶᠠᠯᠠᠨ ᠳᠠᠭᠤᠯᠠᠬᠤ ᠡᠴᠡ ᠣᠠᠳᠤᠤ ᠶᠠᠭᠠᠭᠢᠬᠤ ᠪᠣᠢ︖
2009.2.20
ᠵᠤᠬᠢᠶᠠᠭᠴᠢ ᠶᠢᠨ ᠬᠠᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ
ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2658
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ