☆ ᠮᠠ᠊·ᠡᠷᠳᠡᠨᠢᠪᠠᠳᠤ
ᠤᠶᠠᠩᠭ᠋᠎ᠠ ᠶᠢᠨ ᠥᠭᠡᠳᠡᠰᠤ
ᠰᠢᠯᠦᠭ᠌
ᠭᠦᠯᠳᠡᠰᠢ ᠦᠭᠡᠶ ᠮᠥᠩᠭᠡ ᠪᠣᠯᠠᠭ ᠤᠨ
ᠰᠦᠨᠤᠰᠢ ᠦᠭᠡᠶ ᠵᠢᠷᠦᠭᠡ
ᠥᠨᠡᠭᠡᠨ ᠬᠠᠷᠠᠩᠭ᠋ᠤᠢ ᠴᠡᠴᠡᠷᠡᠭᠦ
ᠰᠤᠯᠢᠷ ᠤᠨ ᠠᠭᠱᠠᠨ ᠭᠡᠷᠡᠯ᠃
ᠳᠤᠷᠠᠰᠤᠯ
ᠣᠷᠳᠤ ᠰᠦᠨᠢ ᠶᠢᠨ ᠨᠠᠭᠤᠷ ᠲᠤ ᠮᠡᠯᠳᠡᠢ᠌ᠭᠦ
ᠣᠯᠵᠤ ᠱᠥᠭᠦᠭᠦ ᠦᠭᠡᠶ ᠰᠠᠷ᠎ᠠ
ᠣᠴᠠᠷᠠᠵᠤ ᠴᠢᠳᠠᠬᠤ ᠦᠭᠡᠶ ᠴᠤ
ᠬᠤᠯᠠᠳᠠᠵᠤ ᠶᠠᠪᠣᠬᠤ ᠦᠭᠡᠶ
ᠵᠡᠭᠦᠳᠤᠨ ᠳᠤ ᠮᠥᠰᠢᠶᠡᠭᠦ ᠨᠠᠷᠠ᠃
ᠪᠣᠳᠤᠯ
ᠬᠠᠢ᠌ᠷ᠎ᠠ ᠶᠢᠨ ᠨᠤᠭᠤᠭᠠᠨ ᠳᠡᠯᠡᠭᠡᠢ ᠳᠤ
ᠥ ᠦᠭᠡᠶ ᠳᠤᠷᠮᠤᠯᠵᠠᠭᠰᠠᠨ
ᠪᠢᠴᠢᠬᠠᠨ ᠨᠠᠭᠤᠷ
ᠬᠠᠮᠢᠭ᠎ᠠ ᠨᠢ ᠳᠤᠩᠰᠤᠯᠤᠯᠳᠠ ᠭᠠᠷᠪᠠᠯ
ᠳᠠᠷᠠ ᠵᠥᠭ᠌ ᠰᠠᠳᠠᠷᠠᠨᠠ᠃
ᠵᠠᠮ
ᠴᠢ ᠴᠠᠭᠠᠭᠤᠷ ᠨᠢ ᠶᠠᠪᠣ
ᠪᠢ ᠨᠠᠭᠠᠭᠤᠷ ᠨᠢ ᠶᠠᠪᠣᠶ᠎ᠠ
ᠡᠴᠦᠰ ᠤᠨ ᠥᠷᠳᠡᠭᠡ ᠳᠤ
ᠪᠢᠳᠠ ᠳᠠᠭᠢᠨ ᠵᠤᠯᠭᠠᠶ᠎ᠠ᠃
ᠵᠤᠬᠢᠶᠠᠭᠴᠢ᠄ ᠮᠠ᠊·ᠡᠷᠳᠡᠨᠢᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2713
ᠴᠠᠭ᠄ 2009 ᠤᠨ ᠤ 07 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ