☆ ᠭᠦᠭᠡᠪᠢᠷ
ᠠᠭᠤᠴᠢᠯᠠᠭᠠᠷᠠᠢ
ᠳᠡᠭᠦᠨ ᠤ ᠨᠢᠭᠡ
ᠠᠯᠢ ᠴᠤ ᠬᠡᠦᠬᠡᠳ ᠡᠴᠡ ᠢᠯᠭᠠᠵᠤ ᠢᠯᠭᠠᠵᠤ
ᠠᠷᠤ ᠳᠤ ᠴᠢᠨᠢ ᠬᠠᠶᠠᠳᠠᠭ ᠠᠯᠴᠢᠭᠤᠷ ᠢ ᠮᠢᠨᠢ ᠠᠭᠤᠴᠢᠯᠠ
ᠠᠷᠤ ᠡᠴᠡ ᠪᠠᠨ ᠨᠡᠭᠡᠭᠦᠯᠭᠦ ᠭᠡᠵᠤ ᠭᠦᠰᠡᠳᠡᠭ᠌ ᠪᠠᠢ᠌ᠭᠰᠠᠨ
ᠠᠳᠬᠤ ᠳᠦᠭᠦᠷᠭᠦ ᠦᠭᠡᠶ ᠪᠠᠢ᠌ᠭᠰᠠᠨ ᠣᠬᠠᠭᠠᠨ ᠢ ᠮᠢᠨᠢ ᠠᠭᠤᠴᠢᠯᠠ
ᠳᠡᠯᠡᠭᠡᠢ ᠵᠢᠨ ᠴᠢᠯᠠᠭᠤ ᠪᠠᠷ ᠴᠢᠮ᠎ᠠ ᠶᠢ ᠡᠷᠭᠢᠨ᠎ᠡ ᠭᠡᠰᠡᠨ
ᠳᠦᠷᠰᠦ ᠦᠭᠡᠶ ᠳᠤᠭᠯᠠᠭᠰᠠᠨ ᠨᠠᠭᠠᠳᠤᠮ ᠢ ᠮᠢᠨᠢ ᠠᠭᠤᠴᠢᠯᠠ
ᠳᠠᠷᠠ ᠶᠢᠨ ᠴᠢᠨᠢ ᠳᠡᠷᠭᠡᠳᠡ ᠵᠡᠭᠦᠳᠤ ᠨᠢᠭᠤᠵᠤ ᠥᠩᠭᠡᠷᠡᠭ᠍ᠰᠡᠨ
ᠳᠡᠩᠳᠡᠭᠦᠤ ᠠᠯᠢᠶᠠᠬᠠᠨ ᠪᠠᠢ᠌ᠭᠰᠠᠨ ᠠᠷᠠᠠᠰᠢᠨ ᠢ ᠮᠢᠨᠢ ᠠᠭᠤᠴᠢᠯᠠ
ᠱᠠᠭ᠎ᠠ ᠣᠷᠭᠢᠴᠢᠬᠠᠭᠠᠤᠨ ᠪᠣᠯᠤᠨ᠎ᠠ ᠪᠣᠯᠤᠨ᠎ᠠ ᠭᠡᠵᠤ ᠪᠠᠳᠤᠯᠠᠭᠰᠠᠨ
ᠪᠣᠷᠬᠠᠨ ᠳᠦᠯᠭᠡ ᠶᠢ ᠮᠢᠨᠢ ᠪᠦᠭᠡᠴᠡᠢ᠌ᠯᠵᠤ ᠠᠭᠤᠴᠢᠯᠠ
ᠱᠠᠭᠠᠵᠠᠭᠠᠢ ᠱᠠᠭᠰᠢᠬᠤ ᠪᠠᠷ ᠢᠷᠠᠨ᠎ᠡ ᠢᠷᠠᠨ᠎ᠡ ᠭᠡᠵᠤ ᠪᠠᠶᠡᠷᠯᠡᠭᠰᠡᠨ
ᠪᠠᠭᠡᠵᠢᠩ ᠪᠠᠯᠭᠡ ᠶᠢ ᠮᠢᠨᠢ ᠭᠦᠭᠡᠷᠦᠭᠡᠢ᠌ᠯᠡᠵᠤ ᠠᠭᠤᠴᠢᠯᠠ
ᠬᠠᠮᠢᠭ᠎ᠠ ᠨᠢᠭᠡ ᠭᠠᠵᠠᠷ ᠬᠠᠯᠵᠠ ᠣᠴᠠᠷᠠᠴᠢᠬᠠᠭᠠᠤᠨ
ᠬᠠᠷ᠎ᠠ ᠨᠢᠳᠤᠨ ᠳᠤ ᠴᠢᠨᠢ ᠪᠦᠳᠦᠷᠢᠳᠡᠭ᠌ ᠨᠢᠭᠤᠴᠠ ᠶᠢ ᠮᠢᠨᠢ ᠠᠭᠤᠴᠢᠯᠠ
ᠬᠠᠮᠢᠶ᠎ᠠ ᠦᠭᠡᠶ ᠯᠠ ᠶᠤᠮ ᠰᠢᠭ ᠶᠠᠪᠣᠵᠤ ᠶᠠᠪᠣᠵᠤ
ᠬᠠᠮᠤᠭ ᠶᠠᠭᠤᠮᠠᠨ ᠤ ᠠᠷᠤ ᠳᠤ ᠭᠠᠷᠤᠭᠰᠠᠨ ᠢ ᠮᠢᠨᠢ ᠠᠭᠤᠴᠢᠯᠠ
᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠭᠤᠴᠢᠯᠠᠭᠠᠷᠠᠢ︕
ᠳᠡᠭᠦᠨ ᠤ ᠬᠤᠶᠠᠷ
ᠰᠦᠯᠵᠢᠶᠠᠨ ᠳᠡᠭᠡᠷ᠎ᠡ ᠳᠤᠭᠳᠤᠯᠤᠭᠰᠠᠨ 《ᠰᠤᠯᠢᠶ᠎ᠠ》 ᠶᠢ ᠮᠢᠨᠢ ᠠᠭᠤᠴᠢᠯᠠ
ᠰᠦᠨᠢ ᠶᠢ ᠴᠢᠮᠠᠯᠠᠭᠰᠠᠨ ᠳᠤᠷ᠎ᠠ ᠶᠢ ᠮᠢᠨᠢ ᠠᠭᠤᠴᠢᠯᠠ
ᠰᠡᠭᠦᠷᠡᠰᠤ ᠪᠠᠨ ᠳᠡᠷᠡᠯᠡᠭ᠍ᠰᠡᠨ ᠵᠡᠭᠦᠳᠤ ᠶᠢ ᠮᠢᠨᠢ ᠠᠭᠤᠴᠢᠯᠠ
ᠰᠡᠳᠭᠢᠯ ᠶᠢᠡᠨ ᠠᠷᠭᠠᠳᠠᠭᠰᠠᠨ ᠰᠢᠯᠦᠭ᠌ ᠢ ᠮᠢᠨᠢ ᠠᠭᠤᠴᠢᠯᠠ
ᠡᠷᠭᠢᠭᠦᠯᠵᠤ ᠪᠣᠯᠬᠤ ᠦᠭᠡᠶ ᠵᠠᠶᠠᠭ᠎ᠠ ᠶᠢ ᠠᠭᠤᠴᠢᠯᠠ
ᠡᠷᠭᠢᠵᠤ ᠪᠣᠴᠠᠬᠤ ᠦᠭᠡᠶ ᠨᠠᠰᠤ ᠶᠢ ᠠᠭᠤᠴᠢᠯᠠ
ᠡᠪᠯᠡᠭᠦᠯᠵᠤ ᠪᠣᠯᠬᠤ ᠦᠭᠡᠶ ᠬᠠᠤᠯᠢ ᠶᠢ ᠠᠭᠤᠴᠢᠯᠠ
ᠡᠭᠢᠯᠡᠵᠤ ᠪᠣᠯᠬᠤ ᠦᠭᠡᠶ ᠭᠦᠰᠡᠯ ᠢ ᠠᠭᠤᠴᠢᠯᠠ
ᠬᠤᠷᠭᠤᠳᠠᠵᠤ ᠬᠠᠨᠤᠭᠰᠠᠨ ᠦᠭᠡᠶ ᠳᠤᠷᠠᠳᠬᠠᠯ ᠢ ᠮᠢᠨᠢ ᠠᠭᠤᠴᠢᠯᠠ
ᠬᠤᠳᠠᠯᠠᠵᠤ ᠳᠡᠢ᠌ᠯᠦᠭ᠍ᠰᠡᠨ ᠦᠭᠡᠶ ᠪᠣᠳᠤᠯ ᠢ ᠮᠢᠨᠢ ᠠᠭᠤᠴᠢᠯᠠ
ᠬᠤᠶᠠᠷ ᠰᠠᠠᠴᠢᠭ ᠪᠣᠭᠤᠷᠤᠯᠳᠤᠴᠢᠬᠠᠭᠰᠠᠨ ᠢ ᠮᠢᠨᠢ ᠠᠭᠤᠴᠢᠯᠠ
ᠬᠣᠢ᠌ᠳᠤ ᠲᠦᠷᠦᠯ ᠢ ᠭᠦᠯᠢᠶᠡᠴᠢᠭᠡᠭ᠍ᠰᠡᠨ ᠢ ᠮᠢᠨᠢ ᠠᠭᠤᠴᠢᠯᠠ
ᠠᠭᠤᠷᠯᠠᠵᠤ ᠳᠠᠭᠤᠰᠬᠤ ᠦᠭᠡᠶ ᠠᠭᠤᠷ ᠶᠢᠡᠨ ᠠᠭᠤᠴᠢᠯᠠ
ᠣᠭᠢᠯᠠᠵᠤ ᠳᠠᠭᠤᠰᠬᠤ ᠦᠭᠡᠶ ᠨᠢᠯᠪᠣᠰᠤ ᠪᠠᠨ ᠠᠭᠤᠴᠢᠯᠠ
ᠣᠭᠤᠳᠠᠯᠠᠵᠤ ᠪᠣᠯᠬᠤ ᠦᠭᠡᠶ ᠬᠤᠷᠸ᠎ᠠ ᠶᠢ ᠠᠭᠤᠴᠢᠯᠠ
ᠠᠭᠤᠴᠢᠯᠠᠵᠤ ᠪᠣᠯᠬᠤ ᠦᠭᠡᠶ ᠨᠠᠮᠢ᠋ᠢ ᠠᠭᠤᠴᠢᠯᠠ
᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠭᠤᠴᠢᠯᠠᠭᠠᠷᠠᠢ︕
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠣᠩᠨᠢᠭᠤᠳ ᠬᠤᠰᠢᠭᠤ
ᠵᠤᠬᠢᠶᠠᠭᠴᠢ᠄ ᠭᠦᠭᠡᠪᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2009 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ